Abstract |
ᠤᠳᠬᠤᠨᠪᠠᠶᠠᠷ ᠤᠨ ᠬᠠᠢᠯᠠᠭᠰᠠᠨ 《 ᠬᠡᠰᠡᠷ》 ᠤᠨ ᠤᠷᠤᠰᠢᠯ ᠬᠤᠯᠪᠤᠭ᠎ᠠ ᠪᠤᠯ ᠬᠤᠭ᠋ᠤᠷᠴᠢ ᠲᠤᠤᠯᠢᠴᠢ ᠨᠠᠷ ᠤᠨ ᠬᠤᠭ᠋ᠤᠷ ᠤᠨ ᠦᠯᠢᠭᠡᠷ ᠬᠡᠯᠡᠵᠦ᠂ ᠲᠤᠤᠯᠢ ᠬᠠᠢᠯᠠᠬᠤ ᠡᠴᠨ ᠪᠡᠨ ᠡᠮᠤᠨ᠎ᠠ ᠨᠢ ᠬᠡᠯᠡᠳᠡᠭ ᠤᠷᠤᠰᠢᠯ ᠬᠤᠯᠪᠤᠭ᠎ᠠ ᠪᠤᠶᠤ ᠤᠷᠤᠰᠢᠯ ᠲᠠᠭ᠋ᠤᠤ ᠶᠢᠨ ᠤᠯᠠᠠᠮᠵᠢᠯᠠᠯ ᠪᠤᠯᠤᠨ ᠠ᠃ ᠲᠡᠬᠦᠨ ᠤ ᠬᠡᠯᠡᠭᠰᠡᠨ ᠲᠡᠭᠦᠰᠭᠡᠯ ᠬᠤᠯᠪᠤᠭ᠎ᠠ ᠨᠢ ᠨᠠᠯᠢᠶᠡᠳ ᠤᠷᠳᠤ ᠪᠤᠯᠤᠭᠰᠠᠨ ᠨᠢ ᠲᠡᠬᠦᠨ ᠤ ᠪᠠᠯᠡᠨ ᠬᠤᠯᠪᠤᠭ᠎ᠠ ᠤᠯᠠᠨᠳᠠ ᠬᠡᠯᠡᠵᠦ ᠶᠠᠪᠤᠭᠰᠠᠨ ᠤᠷᠠᠯᠢᠭ ᠤᠨ ᠠᠮᠢᠳᠤᠷᠠᠯ ᠲᠠᠢ ᠨᠢ ᠰᠢᠭ᠋ᠤᠳ ᠬᠤᠯᠪᠤᠭ᠎ᠠ ᠲᠠᠢ᠃ ᠤᠳᠬᠤᠪᠠᠶᠠᠷ ᠬᠤᠭ᠋ᠤᠷᠴᠢ ᠡᠴᠨ 《 ᠬᠡᠰᠡᠷ》 ᠬᠠᠢᠯᠬᠤ ᠬᠢᠵᠠᠭ᠋ᠠᠷᠳᠤ ᠴᠠᠭ ᠲᠤ ᠪᠠᠷᠢᠭᠳᠠᠭᠰᠠᠨ ᠡᠴᠨ ᠦᠪᠡᠷ ᠤ ᠤᠷ᠎ᠡ ᠮᠡᠷᠭᠡᠵᠢᠯ ᠶᠢᠡᠨ ᠬᠦᠢᠴᠡᠳ ᠪᠠᠳᠠᠷᠠᠭ᠋ᠤᠯᠵᠦ ᠴᠢᠳᠠᠭᠰᠠᠨ ᠦᠬᠡᠢ᠂ ᠲᠡᠬᠦᠨ ᠤ ᠬᠠᠢᠯᠠᠭᠰᠠᠨ《 ᠬᠡᠰᠡᠷ》 ᠨᠢ ᠵᠠᠬᠦᠨ ᠤᠷᠤᠨ ᠤ《ᠮᠠᠩᠭᠤᠰ ᠢ ᠲᠠᠷᠤᠭᠰᠠᠨ ᠦᠯᠢᠭᠡᠷ》᠋ ᠤᠨ ᠨᠦᠯᠦᠭᠡ ᠪᠡ ᠬᠤᠭ᠋ᠤᠷ ᠤᠨ ᠦᠯᠢᠭᠡᠷ ᠤᠨ ᠨᠦᠯᠦᠭᠡ ᠵᠢ ᠬᠦᠷᠳᠡᠭᠰᠡᠨ ᠵᠠᠷᠭᠡ ᠤᠨᠴᠠᠯᠢᠭ ᠲᠠᠢ᠃ |