Title |
ᠮᠤᠩᠭ᠋ᠤᠯ ᠰᠦᠯᠵᠢᠶ᠎ᠡ ᠶᠢᠨ ᠲᠤᠳᠤᠭᠠᠳᠤ ᠲᠦᠷᠢᠮ ᠤᠨ ᠤᠳᠤᠬᠢ ᠪᠠᠢᠳᠠᠯ ᠢ ᠲᠦᠭᠦᠮ ᠵᠠᠳᠠᠯᠬᠤ ᠨᠢ |
Creator |
ᠲᠤᠶᠠᠭ᠎ᠠ; ᠰᠠᠷᠠᠩᠭ᠋ᠤᠣᠠ |
Keyword |
ᠮᠤᠩᠭ᠋ᠤᠯ ᠰᠦᠯᠵᠢᠶ᠎ᠡ; ᠲᠤᠳᠤᠭᠠᠳᠤ ᠲᠦᠷᠢᠮ; ᠪᠦᠳᠦᠭᠡᠨ ᠪᠠᠢ᠌ᠭᠤᠯᠤᠯᠳᠠ |
Abstract |
2001 ᠤᠨ ᠡᠴᠡ ᠨᠡᠪᠳᠡᠷᠡᠭᠰᠡᠨ ᠮᠤᠩᠭ᠋ᠤᠯ ᠰᠦᠯᠵᠢᠶ᠎ᠡ ᠨᠢ ᠤᠳᠤ ᠪᠤᠯᠬᠤ ᠳᠤ ᠮᠤᠩᠭ᠋ᠤᠯᠴᠤᠳ ᠤᠨ ᠬᠠᠮᠤᠭ ᠴᠢᠬᠤᠯᠠ ᠪᠤᠯᠬᠤ ᠰᠤᠷᠠᠭ ᠵᠠᠩᠭᠢ ᠶᠢᠨ ᠤᠯᠠᠮᠵᠢᠯᠠᠭ᠎ᠠ ᠶᠢᠨ ᠵᠠᠭᠤᠴᠢᠯᠠᠭᠤᠷ ᠪᠤᠯᠵᠤ᠂ ᠰᠦᠯᠵᠢᠶᠡᠴᠢᠳ ᠡᠯ᠎ᠡ ᠵᠦᠢᠯ ᠤᠨ ᠰᠤᠷᠠᠭ ᠵᠠᠩᠭᠢ ᠶᠢᠨ ᠤᠯᠠᠮᠵᠢᠯᠠᠭ᠎ᠠ ᠳᠤ ᠨᠡᠯᠢᠶᠡᠳ ᠴᠢᠯᠦᠭᠡᠳᠡᠢ ᠤᠷᠤᠯᠴᠠᠵᠤ ᠲᠡᠢ᠌ᠯᠬᠦ ᠪᠤᠯᠵᠠᠢ᠃ ᠡᠭᠦᠨ ᠤ ᠬᠠᠮᠳᠤ ᠮᠤᠩᠭ᠋ᠤᠯ ᠰᠦᠯᠵᠢᠶᠡᠴᠢᠳ ᠤᠨ ᠰᠦᠯᠵᠢᠶᠡᠨ ᠦᠢᠯᠡ ᠠᠵᠢᠯᠯᠠᠭ᠎ᠠ ᠳᠤ ᠡᠳᠦᠢ ᠲᠡᠳᠦᠢ ᠰᠢᠢᠳᠪᠦᠷᠢᠯᠡᠬᠦ ᠴᠢᠬᠤᠯᠠᠳᠠᠢ ᠠᠰᠠᠭᠤᠳᠠᠯ ᠢᠯᠡᠷᠡᠵᠦ ᠪᠤᠢ᠃ ᠡᠭᠦᠨ ᠳᠤ ᠤᠯᠠᠨ ᠵᠦᠢᠯ ᠤᠨ ᠰᠢᠯᠳᠠᠭᠠᠨ ᠪᠠᠢ᠌ᠬᠤ ᠡᠴᠡ ᠮᠤᠩᠭ᠋ᠤᠯ ᠰᠦᠯᠵᠢᠶ᠎ᠡ ᠶᠢᠨ ᠲᠦᠷᠢᠮ ᠲᠤᠭᠳᠠᠭᠠᠯ ᠲᠡᠭᠦᠯᠳᠡᠷᠵᠢᠭᠡ ᠦᠭᠡᠢ ᠪᠠᠢ᠌ᠬᠤ ᠲᠠᠢ ᠰᠢᠭᠤᠳ ᠬᠤᠯᠪᠤᠭᠳᠠᠬᠤ ᠶᠤᠮ᠃ ᠦᠭᠦᠯᠡᠯ ᠳᠤ《ᠬᠤᠯᠪᠤᠭ᠎ᠠ ᠵᠠᠯᠠᠭᠤᠷ》 ᠲᠤ ᠵᠢᠭ᠌ᠰᠠᠭᠠᠭᠳᠠᠭᠰᠠᠨ ᠰᠦᠯᠵᠢᠶ᠎ᠡ ᠶᠢᠨ ᠪᠠᠢ᠌ᠴᠠᠭᠠᠯᠳᠠ ᠳᠤ ᠰᠠᠭᠤᠷᠢᠯᠠᠨ ᠮᠤᠩᠭ᠋ᠤᠯ ᠰᠦᠯᠵᠢᠶ᠎ᠡ ᠶᠢᠨ ᠲᠤᠳᠤᠭᠠᠳᠤ ᠲᠦᠷᠢᠮ ᠤᠨ ᠤᠳᠤᠬᠢ ᠪᠠᠢ᠌ᠳᠠᠯ ᠢ ᠰᠦᠯᠵᠢᠶ᠎ᠡ ᠳᠤ ᠨᠡᠢ᠌ᠳᠡᠯᠡᠬᠦ ᠠᠭᠤᠯᠭ᠎ᠠ ᠶᠢ ᠬᠢᠵᠠᠭᠠᠷᠯᠠᠬᠤ᠂ ᠵᠤᠬᠢᠠᠶᠯ ᠪᠦᠳᠦᠭᠡᠯ ᠤᠨ ᠡᠷᠬᠡ ᠶᠢ ᠬᠠᠮᠠᠭᠠᠯᠠᠬᠤ ᠪᠠ ᠪᠤᠯᠪᠠᠰᠤᠨ ᠶᠠᠷᠢᠶ᠎ᠠ ᠬᠡᠯᠡᠯᠴᠡᠭᠡ ᠦᠷᠨᠢᠭᠦᠯᠬᠦ ᠶᠢ ᠴᠢᠬᠤᠯᠠᠴᠢᠯᠠᠬᠤ ᠭᠡᠬᠦ ᠭᠤᠷᠪᠠᠨ ᠲᠠᠯ᠎ᠠ ᠳᠤ ᠬᠤᠷᠢᠶᠠᠩᠭ᠋ᠤᠢ᠌ᠯᠠᠭᠰᠠᠨ ᠪᠠ ᠡᠨᠡ ᠬᠦ ᠠᠰᠠᠭᠤᠳᠠᠯ ᠢ ᠬᠡᠷᠬᠢᠨ ᠰᠢᠢᠳᠪᠦᠷᠢᠯᠡᠬᠦ ᠲᠤᠬᠠᠢ ᠦᠵᠡᠯᠳᠡ ᠪᠠᠨ ᠲᠡᠪᠰᠢᠭᠦᠯᠵᠡᠢ᠃ |
Original Literature |
View Original Paper
|
出自 |
内蒙古民族大学学报(社会科学)
2015年
第2期
|