Paper Information


Title ᠽᠣᠩᠺᠠᠪᠠ ᠵᠢᠨ《ᠱᠠᠰᠢᠨ ᠤ ᠰᠢᠨᠡᠴᠢᠯᠡᠯ》 ᠤᠨ ᠲᠣᠬᠠᠢ ᠦᠭᠦᠯᠡᠬᠦ ᠨᠢ
Creator ᠪᠣᠯᠠᠭ
Keyword ᠽᠣᠩᠺᠠᠪᠠ; ᠲᠦᠪᠡᠳ ᠪᠣᠷᠬᠠᠨ ᠤ ᠱᠠᠰᠢᠨ; ᠱᠠᠰᠢᠨ ᠤ ᠰᠢᠨᠡᠴᠢᠯᠡᠯ
Abstract ᠦᠭᠦᠯᠡᠯ ᠳᠤ ᠽᠣᠩᠺᠡᠪᠡ ᠵᠢᠨ ᠲᠣᠬᠠᠢ ᠲᠠᠨᠢᠯᠴᠠᠭᠤᠯᠭ᠋ ᠠ᠂ ᠽᠣᠩᠺᠠᠪᠠ ᠵᠢᠨ《ᠱᠠᠰᠢᠨ ᠤ ᠰᠢᠨᠡᠴᠢᠯᠡᠯ》 ᠤᠨ ᠲᠡᠦᠬᠡᠨ ᠨᠦᠭᠦᠴᠡᠯ ᠰᠢᠯᠲᠠᠭᠠᠨ ᠪᠣᠯᠤᠨ ᠽᠣᠩᠺᠠᠪᠠ ᠵᠢᠨ《ᠱᠠᠰᠢᠨ ᠤ ᠰᠢᠨᠡᠴᠢᠯᠡᠯ》 ᠤᠨ ᠠᠭᠤᠯᠭ᠋ ᠠ ᠵᠡᠷᠭᠡ ᠭᠤᠷᠪᠠᠨ ᠲᠠᠯ ᠠ ᠡᠴᠡ ᠽᠣᠩᠺᠠᠪᠠ ᠵᠢᠨ ᠲᠤᠰ ᠪᠡᠶ ᠡ ᠪᠣᠯᠤᠨ ᠲᠦᠪᠡᠳ ᠪᠣᠷᠬᠠᠨ ᠤ ᠱᠠᠰᠢᠨ ᠳᠤ ᠶᠠᠪᠤᠭᠤᠯᠤᠭᠰᠠᠨ ᠪᠦᠲᠦᠮᠵᠢᠲᠡᠢ ᠰᠢᠨᠡᠴᠢᠯᠡᠯ ᠢ ᠲᠠᠨᠢᠯᠴᠠᠭᠤᠯᠬᠤ ᠵᠢᠨ ᠬᠠᠮᠲᠤ ᠮᠣᠩᠭ᠋ᠤᠯᠴᠤᠳ ᠤᠨ ᠰᠢᠳᠦᠭᠡᠳ ᠢᠷᠡᠭᠰᠡᠨ ᠰᠢᠷ ᠠ ᠵᠢᠨ ᠱᠠᠰᠢᠨ ᠭᠡᠮᠡᠭᠴᠢ ᠶᠠᠮᠠᠷ ᠪᠣᠷᠬᠠᠨ ᠤ ᠱᠠᠰᠢᠨ ᠪᠣᠯᠬᠤ ᠵᠢ ᠲᠠᠶᠢᠯᠪᠤᠷᠢᠯᠠᠨ ᠦᠭᠦᠯᠡᠵᠡᠢ᠃ ᠡᠭᠦᠪᠡᠷ ᠳᠠᠮᠵᠢᠨ ᠽᠣᠩᠺᠠᠪᠠ ᠬᠢᠮᠤᠷᠠᠯ ᠳᠤ ᠣᠷᠤᠭᠰᠠᠨ ᠲᠦᠪᠡᠳ ᠪᠣᠷᠬᠠᠨ ᠤ ᠱᠠᠰᠢᠨ  ᠢ ᠬᠡᠷᠬᠢᠨ ᠳᠠᠬᠢᠵᠤ ᠮᠠᠨᠳᠤᠭᠤᠯᠤᠭᠰᠠᠨ ᠪᠠ ᠬᠡᠳᠦᠨ ᠵᠠᠭᠤᠨ ᠵᠢᠯ ᠤᠨ ᠲᠣᠷᠰᠢ ᠦᠷᠭᠡᠨ ᠣᠯᠠᠨ ᠮᠣᠩᠭ᠋ᠤᠯᠴᠤᠳ ᠤᠨ ᠤᠶᠤᠨ ᠤᠬᠠᠭᠠᠨ ᠢ ᠡᠵᠡᠮᠰᠢᠭᠡᠳ ᠢᠷᠡᠭᠰᠡᠨ ᠲᠦᠪᠡᠳ ᠤᠨ ᠪᠣᠷᠬᠠᠨ ᠤ ᠱᠠᠰᠢᠨ ᠤ ᠬᠡᠯᠦ᠋ᠭ᠍ᠪᠡ ᠠᠶᠢᠮᠠᠭ ᠢ ᠬᠡᠷᠬᠢᠨ ᠦᠨᠳᠦᠰᠦᠯᠡᠭᠰᠡᠨ ᠪᠦᠬᠦ᠋ᠢᠯᠡ ᠲᠡᠦᠬᠡᠨ ᠶᠠᠪᠤᠴᠠ ᠵᠢ ᠦᠨᠡᠨ ᠮᠦᠨ ᠵᠢᠡᠷ ᠨᠢ ᠲᠤᠰᠭᠠᠨ ᠬᠠᠷᠠᠭᠤᠯᠬᠤ ᠵᠢ ᠵᠣᠷᠢᠵᠠᠢ᠃
Original Literature View Original Paper
出自 内蒙古民族大学学报(社会科学) 2006年 第2期

联系我们


内蒙古大学图书馆
呼和浩特市大学西路235号
中国·内蒙古
P: (0471) 4992561
E: huangfeilong@imu.edu.cn