Paper Information


Title 《ᠰᠤᠳᠤᠷ ᠤᠨ ᠴᠢᠭᠤᠯᠭᠠᠨ》 ᠳᠠᠬᠢ ᠵᠤᠴᠢ ᠬᠠᠰᠠᠷ ᠪᠤᠯᠤᠨ ᠲᠡᠭᠦᠨ ᠦ ᠦᠷ᠎ᠡ ᠬᠤᠢᠴᠢᠰ ᠤᠨ ᠦᠶ᠎ᠡ ᠵᠠᠯᠭᠠᠮᠵᠢ ᠶᠢᠨ ᠲᠡᠮᠳᠡᠭᠯᠡᠯ ᠢ ᠠᠵᠢᠭᠯᠠᠬᠤ ᠨᠢ
Creator ᠪᠤ‍ · ᠰᠠᠢᠵᠢᠷᠠᠬᠤ
Keyword 《ᠰᠤᠳᠤᠷ ᠤᠨ ᠴᠢᠭᠤᠯᠭᠠᠨ》; ᠵᠤᠴᠢ ᠬᠠᠰᠠᠷ; ᠦᠶ᠎ᠡ ᠵᠠᠯᠭᠠᠮᠵᠢ
Abstract ᠷᠠᠰᠢᠳ᠋ — ᠠᠳ᠋ — ᠳ᠋ᠢᠨ ᠤ ᠪᠢᠴᠢᠭᠰᠡᠨ 《ᠰᠤᠳᠤᠷ ᠤᠨ ᠴᠢᠭᠤᠯᠭᠠᠨ》 ᠳᠤ ᠵᠤᠴᠢ ᠬᠠᠰᠠᠷ ᠤᠨ ᠨᠡᠷ ᠡ ᠳᠠᠭᠤᠳᠠᠯᠭ᠎ᠠ᠂ ᠪᠡᠶ᠎ᠡ ᠪᠠᠢᠳᠠᠯ᠂ ᠬᠦᠴᠦ ᠴᠢᠳᠠᠯ ᠢ ᠲᠤᠳᠤᠷᠬᠠᠢ ᠲᠡᠮᠳᠡᠭᠯᠡᠵᠦ ᠪᠠᠢᠬᠤ ᠪᠦᠭᠡᠳ ᠪᠠᠰᠠ ᠲᠡᠭᠦᠨ ᠦ ᠦᠷ᠎ᠡ ᠬᠤᠢᠴᠢᠰ ᠤᠨ ᠦᠷ᠎ᠡ ᠵᠠᠯᠭᠠᠮᠵᠢ ᠶᠢᠨ ᠲᠤᠬᠠᠢ ᠨᠡᠯᠢᠶᠡᠳ ᠨᠠᠷᠢᠨ ᠲᠡᠮᠳᠡᠭᠯᠡᠯ ᠪᠤᠢ᠃ ᠡᠨᠡ ᠨᠢ ᠪᠤᠰᠤᠳ ᠨᠤᠮ ᠰᠤᠳᠤᠷ ᠤᠨ ᠲᠡᠮᠳᠡᠭᠯᠡᠯ ᠲᠡᠢ ᠠᠳᠠᠯᠢ ᠦᠭᠡᠢ ᠪᠠᠢᠵᠤ᠂ᠶᠡᠬᠡ ᠮᠣᠨᠭᠤᠯ ᠤᠯᠤᠰ ᠪᠤᠯᠤᠨ ᠶᠤᠸᠠᠨ ᠤᠯᠤᠰ ᠤᠨ ᠦᠶ ᠡ ᠶᠢᠨ ᠬᠠᠰᠠᠷ ᠤᠨ ᠭᠠᠷᠤᠯ ᠲᠡᠦᠬᠡ ᠪᠤᠯᠤᠨ ᠲᠡᠭᠦᠨ ᠦ ᠦᠷ᠎ᠡ ᠬᠤᠢᠴᠢᠰ ᠤᠨ ᠦᠷ᠎ᠡ ᠵᠠᠯᠭᠠᠮᠵᠢ ᠶᠢ ᠲᠤᠳᠤᠷᠠᠭᠤᠯᠤᠨ ᠰᠤᠳᠤᠯᠬᠤ ᠳᠤ ᠳᠤᠲᠠᠭᠳᠠᠵᠤ ᠪᠤᠯᠤᠰᠢ ᠦᠭᠡᠢ ᠪᠠᠷᠢᠲᠠ ᠮᠠᠲ᠋ᠧᠷᠢᠶᠠᠯ ᠪᠤᠯᠵᠤ ᠪᠤᠢ᠃ ᠲᠤᠬᠠᠢᠯᠠᠪᠠᠯ᠂ 《ᠰᠤᠳᠤᠷ ᠤᠨ ᠴᠢᠭᠤᠯᠭᠠᠨ》 ᠳᠤ ᠶᠢᠰᠦᠩᠬᠦ (ᠶᠢᠰᠦᠩᠬᠡ) ᠶᠢᠨ ᠬᠦᠪᠡᠭᠦᠨ ᠠᠮᠠᠭᠠᠢ ᠶᠢ ᠲᠡᠮᠳᠡᠭᠯᠡᠵᠦ ᠪᠠᠢᠳᠠᠭ᠃ ᠠᠮᠠᠭᠠᠢ ᠶᠢᠨ ᠬᠦᠪᠡᠭᠦᠨ ᠰᠢᠭᠢᠳᠦᠷᠦ ᠨᠢ ᠬᠤᠪᠢᠯᠠᠢ ᠬᠠᠭᠠᠨ ᠤ ᠦᠶ᠎ᠡ ᠳᠦ ᠵᠤᠴᠢ ᠬᠠᠰᠠᠷ ᠤᠨ ᠣᠷᠤ ᠶᠢ ᠵᠠᠯᠭᠠᠮᠵᠢᠯᠠᠪᠠ᠃ ᠭᠡᠲᠡᠯ᠎ᠡ ᠶᠢᠰᠦᠩᠬᠦ (ᠶᠢᠰᠦᠩᠬᠡ) ᠶᠢᠨ ᠣᠮᠪᠤᠯᠤ ᠰᠢᠭᠢᠳᠤᠷᠤ ᠶᠢ ᠪᠤᠰᠤᠳ ᠨᠤᠮ ᠳᠤ ᠶᠢᠰᠦᠩᠬᠦ ᠶᠢᠨ ᠬᠦᠪᠡᠭᠦᠨ ᠪᠤᠯᠭᠠᠵᠤ ᠪᠢᠴᠢᠭᠰᠡᠨ ᠪᠠᠢᠨ᠎ᠠ᠃ ᠬᠠᠰᠠᠷ ᠤᠨ ᠦᠷ᠎ᠡ ᠬᠤᠢᠴᠢᠰ ᠤᠨ ᠦᠶ᠎ᠡ ᠵᠠᠯᠭᠠᠮᠵᠢ ᠶᠢᠨ ᠡᠢᠮᠦᠷᠭᠦᠦ ᠮᠠᠳᠠᠭ ᠲᠠᠢ ᠠᠰᠠᠭᠤᠳᠠᠯ ᠢ 《ᠰᠤᠳᠤᠷ ᠤᠨ ᠴᠢᠭᠤᠯᠭᠠᠨ》 ᠤ ᠲᠡᠮᠳᠡᠭᠯᠡᠯ ᠡᠴᠡ ᠦᠨᠳᠦᠰᠦᠯᠡᠯ ᠡᠷᠢᠵᠦ ᠪᠤᠯᠤᠨ᠎ᠠ᠃
Original Literature View Original Paper
出自 中国蒙古学 2015年 第3期

联系我们


内蒙古大学图书馆
呼和浩特市大学西路235号
中国·内蒙古
P: (0471) 4992561
E: huangfeilong@imu.edu.cn