Paper Information


Title ᠬᠡᠦᠬᠡᠳ ᠤᠨ ᠤᠳᠬ᠎ᠠ ᠵᠤᠬᠢᠶᠠᠯ ᠳᠤ ᠬᠤᠯᠪᠤᠭᠳᠠᠬᠤ ᠠᠩᠬᠠᠷᠤᠭᠤᠰᠢᠳᠠᠢ ᠬᠡᠳᠦᠨ ᠠᠰᠠᠭᠤᠳᠠᠯ
Creator ᠤᠶᠤᠨᠪᠢᠯᠢᠭ᠌
Keyword ᠬᠡᠦᠬᠡᠳ ᠤᠨ ᠤᠳᠬ᠎ᠠ ᠵᠤᠬᠢᠶᠠᠯ; ᠦᠵᠡᠯ ᠤᠢ᠌ᠯᠠᠭᠠᠭᠳᠠᠬᠤᠨ; ᠤᠬᠠᠭᠳᠠᠬᠤᠨ; ᠮᠦᠨ ᠰᠢᠨᠵᠢ; ᠠᠭᠤᠯᠤᠭᠳᠠᠬᠤᠨ
Abstract ᠬᠡᠦᠬᠡᠳ ᠤᠨ ᠤᠳᠬ᠎ᠠ ᠵᠤᠬᠢᠶᠠᠯ ᠤᠨ ᠮᠦᠨ ᠰᠢᠨᠵᠢ ᠶᠢᠨ ᠦᠭᠦᠯᠡᠯᠳᠡ ᠳᠤ ᠬᠠᠮᠤᠭ ᠴᠢᠬᠤᠯᠠ᠂ ᠬᠠᠮᠤᠭ ᠴᠦᠮᠡᠯᠢᠭ᠌ ᠠᠰᠠᠭᠤᠳᠠᠯ ᠪᠤᠯ ᠬᠡᠦᠬᠡᠳ ᠪᠤᠯᠤᠨ ᠶᠡᠬᠡ ᠬᠦᠮᠦᠨ ᠤ ᠬᠠᠷᠢᠴᠠᠭᠠᠨ ᠤ ᠠᠰᠠᠭᠤᠳᠠᠯ ᠪᠤᠯᠤᠨ᠎ᠠ᠃ ᠲᠠᠷᠤᠢ《ᠤᠳᠤᠬᠢ ᠬᠡᠦᠬᠡᠳ ᠤᠨ ᠤᠳᠬ᠎ᠠ ᠵᠤᠬᠢᠶᠠᠯ ᠤᠨ ᠮᠦᠨ ᠰᠢᠨᠵᠢ ᠨᠢ ᠶᠡᠬᠡ ᠬᠦᠮᠦᠨ ᠪᠤᠯᠤᠨ ᠬᠡᠦᠬᠡᠳ ᠤᠨ ᠭᠤᠣ᠎ᠠ ᠰᠠᠢ᠌ᠬᠠᠨ ᠤ ᠬᠦᠷᠢᠶ᠎ᠡ ᠴᠠᠷᠠᠭ᠎ᠠ ᠳᠡᠬᠢ ᠠᠮᠢ ᠨᠠᠰᠤᠨ ᠤ ᠬᠠᠷᠢᠴᠠᠭ᠎ᠠ ᠪᠤᠯᠤᠨ᠎ᠠ》᠃ ᠬᠡᠦᠬᠡᠳ ᠤᠨ ᠤᠳᠬ᠎ᠠ ᠵᠤᠬᠢᠶᠠᠯ ᠤᠨ ᠠᠯᠢᠪᠠ ᠪᠦᠬᠦ ᠵᠦᠢᠯ ᠪᠦᠷ ᠯᠡ ᠡᠨᠡ ᠬᠦ ᠬᠠᠷᠢᠴᠠᠭᠠᠨ ᠤ ᠡᠷᠬᠢᠨ ᠲᠤᠭᠤᠷᠢᠨ ᠳᠤ ᠶᠠᠪᠤᠭᠳᠠᠵᠤ ᠪᠠᠢ᠌ᠬᠤ ᠶᠤᠮ᠃ ᠦᠩᠭᠡᠷᠡᠭᠰᠡᠨ  ᠳᠤ ᠬᠡᠦᠬᠡᠳ ᠤᠨ ᠤᠳᠬ᠎ᠠ ᠵᠤᠬᠢᠶᠠᠯ ᠢ 《ᠬᠡᠦᠬᠡᠳ ᠤᠨ ᠤᠳᠬ᠎ᠠ ᠵᠤᠬᠢᠶᠠᠯ = ᠬᠡᠦᠬᠡᠳ + ᠤᠳᠬ᠎ᠠ ᠵᠤᠬᠢᠶᠠᠯ 》 ᠪᠠ 《ᠬᠡᠦᠬᠡᠳ ᠤᠨ ᠤᠳᠬ᠎ᠠ ᠵᠤᠬᠢᠶᠠᠯ = ᠬᠡᠦᠬᠡᠳ + ᠶᠡᠬᠡ ᠬᠦᠮᠦᠨ + ᠤᠳᠬ᠎ᠠ ᠵᠤᠬᠢᠶᠠᠯ 》 ᠭᠡᠬᠦ ᠬᠤᠠᠶᠷ ᠵᠦᠢᠯ ᠤᠨ ᠲᠦᠭᠦᠮᠬᠡᠨ ᠲᠤᠮᠢᠶᠠᠯᠠᠯ ᠶᠢᠡᠷ ᠤᠢ᠌ᠯᠠᠭᠠᠵᠤ ᠪᠠᠢ᠌ᠵᠠᠢ᠃ ᠬᠡᠦᠬᠡᠳ ᠤᠨ ᠤᠳᠬ᠎ᠠ ᠵᠤᠬᠢᠶᠠᠯ ᠪᠤᠯ ᠲᠤᠳᠤᠭᠠᠳᠤ ᠲᠡᠯᠡᠷᠡᠯ ᠤᠨ ᠬᠦᠴᠦᠨ ᠶᠢᠡᠷ ᠠᠢ᠌ᠬᠤᠪᠳᠤᠷ ᠶᠡᠬᠡ ᠪᠠᠢ᠌ᠳᠠᠭ ᠭᠠᠢ᠌ᠬᠠᠮᠰᠢᠭᠳᠠᠢ ᠤᠷᠠᠯᠢᠭ ᠮᠦᠨ᠃ ᠡᠢ᠌ᠮᠦ ᠪᠠᠢ᠌ᠳᠠᠯ ᠳᠤ ᠴᠢᠭᠯᠡᠭᠦᠯᠦᠨ ᠵᠦ ᠽᠢ ᠴᠢᠶᠠᠩ ᠡᠴᠡ ᠬᠡᠦᠬᠡᠳ ᠤᠨ ᠤᠳᠬ᠎ᠠ ᠵᠤᠬᠢᠶᠠᠯ ᠢ 《 ᠬᠡᠦᠬᠡᠳ ᠤᠨ ᠤᠳᠬ᠎ᠠ ᠵᠤᠬᠢᠶᠠᠯ= ᠬᠡᠦᠬᠡᠳ × ᠶᠡᠬᠡ ᠬᠦᠮᠦᠨ × ᠤᠳᠬ᠎ᠠ ᠵᠤᠬᠢᠶᠠᠯ》 ᠭᠡᠵᠦ ᠲᠤᠮᠢᠶᠠᠯᠠᠪᠠ᠃ ᠮᠢᠨᠦ ᠦᠵᠡᠬᠦ ᠪᠡᠷ ᠡᠭᠦᠨ ᠢ 《ᠬᠡᠦᠬᠡᠳ ᠤᠨ ᠤᠳᠬ᠎ᠠ ᠵᠤᠬᠢᠶᠠᠯ > ᠬᠡᠦᠬᠡᠳ × ᠶᠡᠬᠡ ᠬᠦᠮᠦᠨ × ᠤᠳᠬ᠎ᠠ ᠵᠤᠬᠢᠶᠠᠯ》 ᠭᠡᠪᠡᠯ ᠨᠡᠩ ᠲᠤᠬᠢᠷᠠᠮᠵᠢᠳᠠᠢ᠃
Original Literature View Original Paper
出自 中国蒙古学 2012年 第1期

联系我们


内蒙古大学图书馆
呼和浩特市大学西路235号
中国·内蒙古
P: (0471) 4992561
E: huangfeilong@imu.edu.cn