Title |
ᠠᠭᠸᠠᠩᠳᠦᠶ᠍ᠪᠳᠠᠨ ᠤ ᠪᠦᠵᠢᠭ᠌ ᠦᠨ ᠶᠢᠰᠦᠨ ᠳᠦᠷᠢ ᠶᠢᠨ ᠲᠤᠬᠠᠢ ᠦᠵᠡᠯᠲᠡ ᠶᠢ ᠦᠭᠦᠯᠡᠬᠦ ᠨᠢ |
Creator |
ᠱᠤ ᠯᠢᠨ |
Keyword |
ᠠᠭᠸᠠᠩᠳᠦᠶ᠍ᠪᠳᠠᠨ; ᠪᠦᠵᠢᠭ᠌ ᠦᠨ ᠶᠢᠰᠦᠨ ᠳᠦᠷᠢ; ᠭᠤᠤ᠎ᠠ ᠰᠠᠶᠢᠬᠠᠨ; ᠤᠨᠤᠯ ᠦᠵᠡᠯᠲᠡ |
Abstract |
ᠮᠤᠨᠭᠭᠤᠯ ᠦᠨᠳᠦᠰᠦᠲᠡᠨ ᠦ ᠠᠯᠳᠠᠷᠲᠤ ᠤᠳᠬ᠎ᠠ ᠵᠤᠬᠢᠶᠠᠯ ᠤᠨ ᠤᠨᠤᠯᠴᠢ᠂ ᠵᠤᠬᠢᠶᠠᠯᠴᠢ᠂ ᠶᠡᠬᠡ ᠬᠦᠷᠢᠶᠡᠨ ᠦ ᠷᠠᠪᠵᠠᠮᠪᠠ ᠠᠭᠸᠠᠩᠳᠦᠶ᠍ᠪᠳᠠᠨ ᠵᠤᠬᠢᠰᠲᠤ ᠠᠶᠠᠯᠭᠤᠨ ᠤ ᠭᠡᠮ ᠦᠨ ᠤᠨᠤᠯ ᠢ ᠰᠢᠰᠲ᠋ᠧᠮ ᠲᠠᠢ ᠨᠠᠷᠢᠯᠢᠭ ᠰᠤᠳᠤᠯᠤᠨ ᠰᠢᠨᠵᠢᠯᠡᠵᠦ᠂ ᠡᠷᠲᠡᠨ ᠦ ᠡᠨᠡᠳᠬᠡᠭ᠌ ᠦᠨ ᠵᠢᠷᠠᠨ ᠳᠦᠷᠪᠡᠨ ᠡᠷᠲᠡ ᠵᠠᠯᠢ ᠶᠢᠨ ᠤᠷᠠᠯᠠᠬᠤᠢ ᠤᠬᠠᠭᠠᠨ ᠤ ᠨᠢᠭᠡ ᠬᠡᠰᠡᠭ ᠨᠢ ᠪᠤᠯᠬᠤ ᠪᠦᠵᠢᠭ᠌ ᠦᠨ ᠶᠢᠰᠦᠨ ᠳᠦᠷᠢ ᠶᠢᠨ ᠲᠤᠬᠠᠢ ᠦᠪᠡᠷ ᠦᠨ ᠦᠪᠡᠷᠮᠢᠴᠡ ᠤᠨᠤᠯ ᠦᠵᠡᠯᠲᠡ ᠪᠡᠨ ᠳᠤᠷᠠᠳᠴᠤ᠂ ᠮᠤᠨᠭᠭᠤᠯ ᠦᠨᠳᠦᠰᠦᠲᠡᠨ ᠦ ᠤᠳᠬ᠎ᠠ ᠤᠷᠠᠯᠢᠭ ᠤᠨ ᠤᠨᠤᠯ ᠦᠭᠦᠯᠡᠭᠦᠢ ᠳᠦ ᠰᠢᠨ᠎ᠡ ᠤᠨᠤᠯ ᠦᠵᠡᠯᠲᠡ ᠨᠡᠮᠡᠷᠢᠯᠡᠭᠰᠡᠨ ᠶᠤᠮ᠃ ᠲᠡᠭᠦᠨ ᠦ ᠪᠦᠵᠢᠭ᠌ ᠦᠨ ᠶᠢᠰᠦᠨ ᠳᠦᠷᠢ ᠶᠢᠨ ᠲᠤᠬᠠᠢ ᠤᠨᠤᠯ ᠦᠭᠦᠯᠡᠯᠲᠡ ᠪᠤᠯ ᠵᠤᠬᠢᠰᠲᠤ ᠠᠶᠠᠯᠭᠤᠨ ᠤ ᠭᠡᠮ ᠢ ᠠᠷᠢᠯᠭᠠᠭᠴᠢ ᠪᠦᠲᠦᠭᠡᠯᠴᠢ ᠤᠨᠤᠯ᠂ ᠵᠤᠬᠢᠶᠠᠯ ᠤᠨ ᠪᠠᠭᠠᠲᠤᠷ ᠤᠨ ᠳᠦᠷᠢ ᠪᠠᠶᠢᠳᠠᠯ ᠪᠠ ᠤᠷᠴᠢᠨ ᠠᠬᠤᠢ ᠶᠢ ᠵᠢᠷᠤᠭᠯᠠᠨ ᠳᠦᠷᠰᠦᠯᠡᠬᠦ ᠵᠤᠬᠢᠶᠠᠨ ᠪᠦᠲᠦᠭᠡᠬᠦ ᠵᠤᠬᠢᠰᠲᠤ ᠤᠬᠠᠭᠠᠨ᠂ ᠭᠤᠤ᠎ᠠ ᠰᠠᠶᠢᠬᠠᠨ ᠤ ᠤᠨᠴᠠᠯᠢᠭ ᠰᠢᠨᠵᠢ ᠶᠢ ᠰᠦᠪᠡᠭ᠍ᠴᠢᠯᠡᠭᠰᠡᠨ ᠦᠪᠡᠷᠮᠢᠴᠡ ᠤᠨᠤᠯ ᠪᠤᠯᠬᠤ ᠶᠤᠮ᠃ |
Original Literature |
View Original Paper
|
出自 |
中国蒙古学
2010年
第4期
|