Abstract |
ᠶᠠᠫᠤᠨ ᠳᠤ ᠬᠠᠳᠠᠭᠠᠯᠠᠵᠤ ᠪᠠᠢᠭ᠎ᠠ 《ᠮᠣᠩᠭᠣᠯ》 ᠰᠤᠳᠭᠦᠯ ᠤᠨ ᠲᠤᠯᠤᠳᠤᠭᠠᠷ ᠬᠤᠭᠤᠴᠠᠭ᠎ᠠ(1930)ᠡᠴᠡ ᠬᠠᠹᠤᠩᠭ᠋ ᠠ ᠶᠢᠨ ᠨᠢᠭᠡᠨ ᠵᠦᠢᠯ ᠤᠨ ᠵᠤᠬᠢᠶᠠᠯ ᠰᠢᠨ᠎ᠡ ᠪᠡᠷ ᠤᠯᠳᠠᠪᠠ᠃ ᠲᠤᠬᠠᠢ ᠶᠢᠨ ᠯᠢᠶᠤᠤᠨᠢᠩ ᠮᠤᠵᠢ ᠶᠢᠨ ᠮᠣᠩᠭᠣᠯ ᠤᠷᠤᠨ ᠳᠤ ᠶᠠᠪᠤᠭᠤᠯᠤᠭᠰᠠᠨ ᠲᠦᠷᠦ ᠶᠢᠨ ᠪᠤᠳᠤᠯᠭ᠎ᠠ ᠪᠠ ᠨᠡᠢ᠌ᠭᠡᠮ ᠠᠬᠤᠢ᠂ ᠠᠵᠤ ᠠᠮᠢᠳᠤᠷᠠᠯ ᠵᠡᠷᠭᠡ ᠲᠠᠯ ᠠ ᠳᠤ ᠬᠤᠯᠪᠤᠭᠳᠠᠨ᠎ᠠ᠃ ᠭᠠᠲᠠ ᠮᠡᠢ᠌ᠷᠡᠨ ᠨᠠᠷ ᠤᠨᠨ ᠲᠡᠮᠡᠴᠡᠯ ᠢ ᠴᠤ ᠲᠠᠮ ᠶᠢᠨᠷ ᠲᠤᠰᠬᠠᠭᠰᠠᠨ ᠨᠢ ᠨᠡᠩ ᠰᠤᠨᠢᠷᠬᠠᠯ ᠲᠠᠢ᠃ ᠲᠡᠷᠡ ᠪᠤᠯ ᠤᠷᠴᠢᠨ ᠦᠶ ᠡ ᠶᠢᠨ ᠥᠪᠥᠷ ᠮᠣᠩᠭᠣᠯ ᠤᠨ ᠲᠡᠦᠬᠡ᠂ ᠤᠯᠤᠰ ᠲᠦᠷᠦ᠂ ᠰᠤᠶᠤᠯ᠂ ᠰᠤᠷᠭᠠᠨ ᠬᠦᠮᠦᠵᠢᠯ ᠪᠠ ᠤᠳᠬ᠎ᠠ ᠵᠤᠬᠢᠶᠠᠯ ᠵᠡᠷᠭᠡ ᠶᠢ ᠰᠢᠰᠲ᠋ᠸᠮ ᠲᠠᠢ ᠰᠤᠳᠤᠯᠬᠤ ᠳᠤ ᠲᠤᠳᠠᠭᠳᠠᠵᠤ ᠪᠤᠯᠤᠰᠢ ᠦᠭᠡᠢ ᠨᠢᠭᠡ ᠬᠤᠪᠢ ᠦᠨᠡᠳᠦ ᠮᠠᠲ᠋ᠸᠷᠢᠶᠠᠯ ᠮᠦᠨ᠃ |