Paper Information


Title 《ᠤᠯᠠᠭ᠋ᠠᠨ᠎ᠠ ᠤᠬᠢᠯᠠᠬᠤ ᠲᠢᠩᠬᠢᠮ》 ᠤᠨ ᠤᠷᠠᠯᠢᠭ ᠤᠨ ᠭᠦᠨ ᠳᠡᠬᠢ ᠤᠳᠬ᠎ᠠ ᠤᠴᠢᠷ
Creator ᠨᠠᠮᠵᠢᠯᠴᠡᠸᠠᠩ
Keyword
Abstract 《ᠤᠯᠠᠭ᠋ᠠᠨ᠎ᠠ ᠤᠬᠢᠯᠠᠬᠤ ᠲᠢᠩᠬᠢᠮ》 ᠤᠨ ᠨᠢᠭᠡᠳᠦᠭᠡᠷ ᠪᠦᠯᠦᠭ ᠨᠢ ᠵᠤᠬᠢᠶᠠᠯ ᠤᠨ ᠡᠭᠦᠰᠭᠡᠯ ᠲᠭᠦᠰᠭᠡᠯ ᠦᠨ ᠲᠤᠪᠴᠢ ᠨᠢ ᠪᠤᠯᠬᠤ ᠪᠦᠭᠡᠳ ᠵᠤᠬᠢᠶᠠᠯ ᠤᠨ ᠠᠷᠤ ᠳᠠᠬᠢ ᠬᠤᠶᠠᠷ ᠪᠠᠳᠠᠭ ᠰᠢᠯᠦᠭ ᠨᠢ ᠵᠤᠬᠢᠶᠠᠯ ᠤᠨ ᠢᠶᠠᠨ ᠲᠠᠢᠯᠪᠤᠷᠢ ᠪᠠ ᠲᠤᠳᠤᠷᠬᠠᠢᠯᠠᠯᠲᠠ ᠨᠢ ᠪᠤᠯᠳᠠᠭ ᠶᠤᠮ᠃ ᠡᠢᠮᠦ ᠡᠴᠡ᠂ 《ᠤᠯᠠᠭ᠋ᠠᠨ᠎ᠠ ᠤᠬᠢᠯᠠᠬᠤ ᠲᠢᠩᠬᠢᠮ》 ᠤᠨ ᠨᠢᠭᠡᠳᠦᠭᠡᠷ ᠪᠦᠯᠦᠭ ᠪᠡ ᠵᠤᠬᠢᠶᠠᠯ ᠤᠨ ᠠᠷᠤ ᠳᠠᠬᠢ ᠬᠤᠶᠠᠷ ᠠᠩᠭᠢ ᠰᠢᠯᠦᠭ ᠢ ᠦᠪ ᠦᠨ᠋ᠡᠬᠡᠷ ᠵᠦᠪ ᠰᠠᠢᠨ ᠣᠢᠯᠠᠭ᠋ᠠᠵᠤ ᠴᠢᠳᠠᠭᠰᠠᠭ᠋ᠠᠢ᠂ ᠪᠦᠬᠦ ᠵᠤᠬᠢᠶᠠᠯ ᠤᠨ ᠭᠦᠨ ᠳᠠᠯᠳᠠ᠂ ᠨᠢᠭ᠋ᠤᠴᠠᠯᠠᠭᠰᠠᠨ ᠤᠳᠬ᠎ᠠ ᠤᠴᠢᠷ ᠢ ᠰᠠᠶᠢ ᠣᠢᠯᠠᠭ᠋ᠠᠵᠤ ᠪᠤᠯᠤᠨ᠎ᠠ᠃ ᠡᠨᠡ ᠨᠢ ᠳᠠᠷᠤᠢ ᠵᠢᠩᠬᠢᠨ᠋ᠢ ᠴᠢᠯᠦᠭᠡᠲᠦ ᠤᠷᠤᠭ ᠤᠨ ᠲᠦᠯᠦᠭᠡᠨ᠎ᠡ ᠲᠡᠮᠡᠴᠡᠬᠦ ᠶᠢ ᠤᠷᠢᠶᠠᠯᠠᠭᠰᠠᠨ ᠤᠷᠢᠶᠠᠯᠠᠭ᠎ᠠ ᠪᠤᠯᠤᠨ᠎᠎ᠠ》᠃ 《ᠤᠯᠠᠭ᠋ᠠᠨ᠎ᠠ ᠤᠬᠢᠯᠠᠬᠤ ᠲᠢᠩᠬᠢᠮ》 ᠤᠨ ᠤᠷᠠᠯᠢᠭ ᠲᠤ ᠬᠠᠮᠤᠭ ᠨᠢᠭ᠋ᠤᠴᠠ ᠪᠦᠭᠡᠳ ᠵᠤᠬᠢᠶᠠᠭᠴᠢ ᠲᠤᠬᠠᠢ ᠳᠠᠭ᠋ᠠᠨ ᠢᠯᠡ ᠬᠡᠯᠡᠵᠦ ᠣᠭᠲᠤ ᠪᠤᠯᠬᠤ ᠦᠭᠡᠢ᠂ ᠭᠦᠨ ᠭᠦᠨᠵᠡᠭᠡᠢ ᠤᠳᠬ᠎ᠠ ᠰᠠᠨ᠋ᠠᠭ᠎ᠠ ᠨᠢ ᠠᠬᠤᠭ᠋ᠤᠯᠤᠭᠳᠠᠵᠤ ᠪᠠᠢᠳᠠᠭ᠃ 《ᠤᠯᠠᠭ᠋ᠠᠨ᠎ᠠ ᠤᠬᠢᠯᠠᠬᠤ ᠲᠢᠩᠬᠢᠮ》 ᠪᠤᠯ ᠲᠤᠬᠠᠢ ᠶᠢᠨ ᠦᠶ᠎ᠡ ᠶᠢᠨ ᠦᠵᠡᠯ ᠰᠠᠨ᠋ᠠᠭ᠎ᠠ᠂ ᠱᠠᠰᠢᠨ ᠤ ᠶᠤᠰᠤ ᠰᠤᠷᠲᠠᠬᠤᠨ᠂ ᠹᠧᠤᠳᠠᠯ ᠤᠨ ᠶᠤᠰᠤ ᠳᠦᠷᠢᠮ ᠢ ᠭᠦᠨ ᠭᠦᠨᠵᠡᠭᠡᠢ ᠳᠤᠰᠬᠠᠵᠤ ᠴᠢᠳᠠᠭᠰᠠᠨ ᠲᠤᠬᠠᠢ ᠶᠢᠨ ᠨᠡᠢᠭᠡᠮ ᠦᠨ ᠦᠵᠡᠯ ᠰᠠᠨ᠋ᠠᠭ᠋ᠠᠨ ᠤ ᠲᠤᠬᠠᠢ ᠲᠤᠯᠢ ᠪᠢᠴᠢᠭ ᠪᠤᠯᠤᠨ᠎ᠠ᠃
Original Literature No Original Paper
出自 内蒙古民族大学学报(社会科学) 1986年 第1期

联系我们


内蒙古大学图书馆
呼和浩特市大学西路235号
中国·内蒙古
P: (0471) 4992561
E: huangfeilong@imu.edu.cn