Paper Information


Title ᠨᠠᠢᠷᠠᠭᠤᠯᠭ᠎ᠠ ᠳ᠋ᠤ ᠦᠭᠡᠨ ᠵᠢ ᠬᠡᠷᠡᠭᠯᠡᠬᠦ  ᠶᠢᠨ ᠤᠴᠢᠷ
Creator ᠰᠢᠤ ᠶᠢᠩ
Keyword
Abstract ᠦᠭᠡ ᠬᠡᠯᠡ ᠪᠣᠯ ᠬᠦᠮᠦᠰ ᠤᠨ ᠰᠠᠨᠠᠯ ᠢᠢᠡᠨ ᠰᠣᠯᠢᠯᠴᠠᠵᠤ᠂ ᠤᠴᠢᠷ ᠢᠢᠡᠨ ᠮᠡᠳᠡᠯᠴᠡᠬᠦ ᠶᠢᠨ ᠨᠢᠭᠡᠨ ᠴᠢᠬᠤᠯᠠ ᠵᠡᠪᠰᠡᠭ ᠬᠡᠷᠡᠭᠯᠡᠬᠦᠷ ᠪᠣᠯᠬᠤ ᠶᠣᠮ᠃《ᠬᠡᠯᠡ ᠪᠣᠯ ᠬᠦᠮᠦᠨ ᠲᠦᠷᠦᠯᠬᠢᠲᠡᠨ ᠤ ᠬᠠᠮᠤᠭ ᠤᠨ ᠴᠢᠬᠤᠯᠠ ᠬᠠᠷᠢᠯᠴᠠᠬᠤ ᠪᠠᠭᠠᠵᠢ ᠮᠦᠨ》 ᠭᠡᠵᠦ ᠯᠸᠨᠢᠨ ᠡᠴᠡ ᠦᠭᠡ ᠬᠡᠯᠡᠨ ᠤ ᠴᠢᠬᠤᠯᠠ ᠴᠢᠠᠨᠷ ᠢ ᠦᠭᠦᠯᠡᠵᠦ ᠦᠩᠭᠡᠷᠡᠭᠰᠡᠨ ᠪᠢᠯᠡ᠃ ᠦᠭᠡ ᠬᠡᠯᠡ ᠪᠠᠢᠭᠰᠠᠨ ᠡᠴᠡ ᠬᠦᠮᠦᠨ᠂ ᠠᠳᠤᠭᠤᠰᠤ ᠠᠮᠢᠲᠠᠨ ᠡᠴᠡ ᠢᠯᠭᠠᠭᠳᠠᠬᠤ ᠨᠡᠢᠭᠡᠮ ᠢ ᠦᠭᠡᠷᠡᠴᠢᠯᠠᠨ ᠲᠡᠦᠬᠡ ᠵᠢ ᠤᠷᠤᠭᠰᠢᠯᠠᠭᠤᠯᠵᠤ ᠪᠤᠢ᠃ ᠦᠭᠡ ᠬᠡᠯ ᠡᠪᠠᠢᠭᠰᠠᠨ ᠦᠭᠡᠢ ᠪᠣᠯ ᠨᠡᠢᠭᠡᠮ ᠤᠨ ᠦᠨᠦᠳᠦᠷ ᠪᠠᠢᠵᠤ ᠴᠢᠳᠠᠬᠤ ᠦᠭᠡᠢ ᠶᠣᠮ᠃ ᠬᠠᠷᠢᠯᠴᠠᠭᠠᠨ ᠤ ᠡᠨᠡᠬᠦ ᠴᠢᠬᠤᠯᠠ ᠪᠠᠭᠠᠵᠢ ᠬᠡᠷᠡᠭᠯᠡᠬᠦᠷ ᠤᠨ ᠤᠬᠠᠭᠤᠯᠬᠤ ᠦᠢᠯᠡᠳᠦᠯ ᠲᠠᠢᠴᠢᠨ ᠴᠢᠨᠠᠷ ᠢ ᠬᠦᠢᠴᠡᠳ ᠪᠠᠳᠠᠷᠠᠭᠤᠯᠬᠤ ᠶᠢᠨ ᠲᠦᠯᠦᠭᠡ ᠪᠢᠲᠡ ᠦᠭᠡ ᠶᠠᠷᠢᠵᠤ ᠵᠣᠬᠢᠶᠠᠯ ᠪᠢᠴᠢᠬᠦ ᠳ᠋ᠡᠭᠡᠨ ᠵᠦᠪᠬᠡᠨ ᠦᠭᠡᠰ ᠢ ᠯᠡ ᠬᠡᠯᠡ ᠵᠦᠢ ᠳ᠋ᠤ ᠵᠦᠪ ᠬᠡᠯᠪᠡᠷᠢᠵᠢᠬᠦᠯᠦᠨ ᠲᠠᠰᠢᠶ ᠠ ᠪᠢᠴᠢᠬᠦ ᠦᠭᠡᠢ ᠰᠢᠯᠤᠭᠤᠳᠬᠠᠨ ᠢᠯᠡᠳᠭᠡᠬᠦ ᠵᠢ ᠯᠡ ᠠᠩᠬᠠᠷᠤᠭᠠᠳ ᠪᠤᠯᠬᠤ ᠪᠢᠰᠢ᠂ ᠬᠠᠷᠢᠨ ᠦᠭᠡ ᠬᠡᠯᠡ ᠵᠢ ᠵᠦᠪ ᠤᠨᠤᠪᠴᠢᠲᠠᠢ᠂ ᠢᠯᠠᠭᠤᠮ ᠲᠤᠳᠤᠷᠬᠠᠢ᠂ ᠠᠮᠢᠲᠤ ᠲᠦᠷᠰᠦᠯᠢᠭ ᠬᠡᠷᠡᠭᠯᠡᠬᠦ ᠭᠡᠷᠡᠭᠲᠡᠢ᠃ ᠭᠠᠭᠴᠠ ᠢᠩᠾᠢᠪᠡᠯ ᠰᠠᠶᠢ ᠶᠠᠷᠢᠶ ᠠ ᠢᠯᠡᠳᠭᠡᠯ᠂ ᠵᠣᠬᠢᠶᠠᠯ ᠪᠦᠲᠦᠭᠡᠯ ᠢ ᠴᠢᠨᠢ ᠬᠦᠮᠦᠰ ᠰᠣᠨᠤᠰᠬᠤ ᠲᠤᠷᠠᠳᠠᠢ ᠣᠩᠰᠢᠬᠤ ᠪᠠᠬ ᠠ ᠲᠠᠢ ᠪᠣᠯᠬᠤ ᠶᠢᠨ ᠤᠯᠠᠮ ᠡᠴᠡ ᠨᠦᠯᠦᠭᠡᠯᠡᠬᠦ ᠬᠦᠴᠦᠨ ᠢᠢᠡᠷ ᠴᠢᠩᠭ᠎ ᠠ ᠪᠠᠢᠳᠠᠭ᠃
Original Literature No Original Paper
出自 蒙古学研究 1998年 第4期

联系我们


内蒙古大学图书馆
呼和浩特市大学西路235号
中国·内蒙古
P: (0471) 4992561
E: huangfeilong@imu.edu.cn