Abstract |
19 ᠳ᠋ᠤᠭᠡᠷ ᠵᠠᠭᠤᠨ ᠦ ᠶᠡᠬᠡ ᠵᠤᠬᠢᠶᠠᠯᠴᠢ ᠢᠨᠵᠠᠨᠨᠠᠰᠢ ᠪᠠ ᠲᠡᠭᠦᠨ ᠦ ᠵᠤᠬᠢᠶᠠᠯ ᠪᠦᠳᠦᠭᠡᠯ ᠤᠨ ᠲᠤᠬᠠᠢ ᠰᠤᠳᠤᠯᠤᠯ ᠨᠢ ᠳᠡᠯᠡᠬᠡᠢ ᠶᠢᠨ ᠮᠤᠩᠭ᠋ᠣᠯ ᠰᠤᠳᠤᠯᠤᠯ ᠤᠨ ᠨᠢᠭᠡᠨ ᠰᠤᠳᠤᠯᠤᠭᠳᠠᠬᠤᠨ ᠪᠤᠯᠤᠭᠰᠠᠨ ᠦ ᠬᠤᠪᠢ ᠳᠤ ᠳᠤᠮᠳᠠᠳᠤ ᠤᠯᠤᠰ ᠲᠤ ᠢᠯᠠᠩᠭ᠋ᠤᠶ ᠠ ᠥᠪᠥᠷ ᠮᠣᠩᠭᠣᠯ ᠤᠷᠤᠨ ᠳᠤ ᠮᠦᠨ ᠢᠨᠵᠡᠨᠨᠠᠰᠢ ᠶᠢᠨ ᠰᠤᠳᠤᠯᠤᠯ ᠦᠷᠨᠢᠭᠰᠡᠨ ᠪᠠᠢ᠌ᠨ᠎ᠠ᠃ 《ᠬᠦᠬᠡ ᠰᠤᠳᠤᠷ》ᠨᠢ ᠮᠣᠩᠭᠣᠯ ᠤᠷᠠᠨ ᠵᠤᠬᠢᠶᠠᠯ ᠤᠨ ᠲᠡᠦᠬᠡᠨ ᠳᠡᠬᠢ ᠬᠠᠮᠤᠭ ᠠᠩᠬᠠᠨ ᠦ ᠲᠡᠦᠬᠡᠨ ᠷᠤᠮᠠᠨ ᠪᠤᠯᠤᠭᠰᠠᠨ ᠦ ᠬᠤᠪᠢ ᠳᠤ19ᠳ᠋ᠤᠭᠡᠷ ᠵᠠᠭᠤᠨ ᠦ ᠰᠡᠭᠦᠯᠴᠢ ᠦᠶ ᠡ ᠡᠴᠡ ᠤᠳᠤ ᠬᠦᠷᠳᠡᠯ ᠡ ᠠᠷᠠᠳ ᠤᠯᠠᠨ ᠦ ᠪᠠᠬᠠᠷᠤᠯ ᠢ ᠳᠠᠲᠠᠵᠤ᠂ ᠠᠷᠠᠳ ᠤᠨ ᠲᠤᠮᠲᠠ ᠭᠠᠷ ᠪᠢᠴᠢᠮᠡᠯ ᠪᠠ ᠬᠡᠪᠯᠡᠯ ᠶᠢᠨᠷ ᠲᠠᠷᠬᠠᠵᠤ ᠂ ᠰᠤᠨᠢᠷᠬᠠᠭᠳᠠᠵᠤ᠂ ᠰᠤᠳᠤᠯᠤᠭᠳᠠᠭᠰᠠᠭᠠᠷ ᠢᠷᠡᠭᠰᠡᠨ ᠶᠤᠮ᠃ |