Paper Information


Title ᠮᠤᠩᠭᠤᠯ ᠡᠮᠨᠡᠯᠭᠡ ᠶᠢ ᠤᠨᠤᠰᠢᠯᠠᠬᠤ ᠤᠬᠠᠭᠠᠨ ᠤ ᠲᠤᠬᠠᠢ ᠲᠤᠪᠴᠢ ᠦᠬᠦᠯᠡᠬᠦ ᠨᠢ
Creator ᠦᠵᠦᠮ
Keyword ᠤᠨᠤᠰᠢᠯᠠᠬᠤ ᠤᠬᠠᠭᠠᠨ; ᠮᠤᠩᠭᠤᠯ ᠡᠮᠨᠡᠯᠭᠡ; ᠬᠦᠭᠵᠢᠯᠳᠡ; ᠲᠤᠪᠴᠢ ᠲᠡᠤᠭᠡ
Abstract ᠮᠤᠩᠭᠤᠯ ᠡᠮᠨᠡᠯᠭᠡ ᠶᠢᠨ ᠤᠨᠤᠰᠢᠯᠠᠬᠤ ᠤᠬᠠᠭᠠᠨ ᠪᠤᠯ ᠪᠦᠬᠦᠢᠯᠡ ᠮᠤᠩᠭᠤᠯ ᠠᠨᠠᠭᠠᠬᠤ ᠤᠬᠠᠭᠠᠨ ᠲᠠᠢ ᠠᠳᠠᠯᠢ ᠪᠠᠷ ᠤᠷᠳᠤ ᠤᠳᠠᠭᠠᠨ ᠲᠡᠤᠭᠡᠨ ᠬᠤᠭᠤᠴᠠᠭᠠᠨ᠎ᠠ᠂ ᠡᠪᠡᠳᠴᠢᠨ ᠡᠮᠬᠡᠭ ᠲᠠᠢ ᠲᠡᠮᠡᠴᠡᠬᠦ ᠦᠢᠯᠡᠳᠤᠯᠭᠡ ᠶᠢᠨ ᠲᠤᠮᠳᠠ ᠪᠠᠨ ᠬᠤᠷᠠᠮᠳᠠᠭᠤᠯᠤᠭᠰᠠᠨ ᠤᠯᠠᠮᠵᠢᠯᠠᠯᠳᠤ ᠤᠨᠤᠰᠢᠯᠠᠭ᠎ᠠ ᠡᠮᠴᠢᠯᠡᠭᠡ ᠶᠢᠨ ᠲᠤᠷᠰᠢᠯᠭ᠎ᠠ ᠶᠢᠨ ᠰᠠᠭᠤᠷᠢᠨ ᠲᠡᠭᠡᠷ᠎ᠡ᠂ ᠬᠦᠭᠵᠢᠯᠳᠡ ᠶᠢᠨ ᠶᠠᠪᠤᠴᠠ ᠳ᠋ᠤ ᠪᠠᠨ ᠲᠦᠪᠡᠳ᠂ ᠬᠢᠳᠡᠳ ᠵᠠᠷᠭᠡ ᠠᠬ᠎ᠠ ᠲᠡᠬᠦᠤ ᠦᠨᠳᠤᠰᠤᠳᠡᠨ ᠪᠠ ᠡᠨᠡᠳᠭᠡᠭ ᠵᠠᠷᠭᠡ ᠤᠯᠤᠰ ᠤᠷᠤᠨ ᠤ ᠠᠨᠠᠭᠠᠬᠤ ᠤᠬᠠᠭᠠᠨ ᠤ ᠤᠨᠤᠯ ᠪᠠ ᠦᠢᠯᠡᠳᠤᠯᠭᠡ ᠶᠢᠨ ᠤᠬᠢ ᠰᠢᠮ᠎ᠠ ᠵᠢ ᠨᠢ ᠪᠦᠳᠤᠭᠡᠯᠴᠢ ᠪᠠᠷ ᠰᠢᠩᠭᠡᠭᠡᠨ ᠠᠪᠴᠦ ᠤᠯᠠᠮ ᠶᠢᠡᠷ ᠪᠦᠷᠢᠯᠳᠤᠨ ᠲᠡᠬᠦᠯᠳᠡᠷᠵᠢᠭᠰᠡᠨ᠂ ᠮᠤᠩᠭᠤᠯ ᠦᠨᠳᠤᠰᠤᠳᠡᠨ ᠤ ᠤᠨᠴᠠᠯᠢᠭ ᠪᠦᠬᠦᠢ ᠮᠤᠩᠭᠤᠯ ᠠᠨᠠᠭᠠᠬᠤ ᠤᠬᠠᠭᠠᠨ ᠤ ᠲᠤᠳᠤᠷᠠᠬᠢ ᠪᠡᠶ᠎ᠡ ᠪᠡᠨ ᠲᠠᠭᠠᠭᠠᠭᠰᠠᠨ ᠰᠠᠯᠪᠤᠷᠢ ᠰᠢᠨᠵᠢᠯᠡᠭᠡᠨ ᠤ ᠰᠠᠯᠠᠭ᠎ᠠ ᠮᠦᠨ᠃ ᠲᠡᠷᠡ ᠨᠢ ᠠᠩᠬ᠎ᠠ《ᠠᠨᠠᠭᠠᠬᠤ ᠤᠬᠠᠭᠠᠨ ᠤ ᠲᠦᠷᠪᠡᠨ ᠦᠨᠳᠤᠰᠤ》᠋ ᠶᠢᠨ ᠤᠨᠤᠰᠢᠯᠠᠯ ᠤᠨ ᠰᠤᠳᠤᠯᠤᠯ ᠢ ᠬᠦᠯᠢᠶᠡᠨ ᠠᠪᠴᠤ ᠠᠰᠠᠭᠤᠬᠤ᠂ ᠦᠵᠡᠬᠦ᠂ ᠬᠦᠷᠦᠯᠴᠡᠬᠦ ᠭᠤᠷᠪᠠᠨ ᠰᠢᠨᠵᠢᠯᠡᠭᠡ ᠪᠠᠷ ᠭᠤᠤᠯ ᠪᠤᠯᠭᠠᠭᠰᠠᠨ ᠤᠨᠤᠰᠢᠯᠠᠬᠤ ᠤᠬᠠᠭᠠᠨ ᠪᠤᠯᠤᠨ ᠪᠦᠷᠢᠯᠳᠤᠵᠦ᠂ ᠤᠯᠠᠮ ᠶᠢᠡᠷ ᠲᠡᠭᠡᠷᠡᠬᠢ ᠤᠨᠤᠯ ᠢ ᠮᠤᠩᠭᠤᠯ ᠤᠨ ᠤᠯᠠᠮᠵᠢᠯᠠᠯᠳᠤ ᠡᠪᠡᠳᠴᠢᠨ ᠢ ᠲᠠᠨᠢᠨ ᠰᠢᠨᠵᠢᠯᠡᠬᠦ ᠠᠷᠭ᠎ᠠ ᠲᠠᠢ ᠤᠶᠠᠯᠳᠤᠭᠤᠯᠤᠨ ᠬᠦᠭᠵᠢᠭᠰᠡᠭᠡᠷ ᠢᠷᠡᠵᠡᠢ᠃ ᠤᠢᠷ᠎ᠠ ᠶᠢᠨ ᠦᠶ᠎ᠡ ᠪᠤᠯᠵᠦ ᠢᠷᠡᠭᠡᠳ᠂ ᠮᠤᠩᠭᠤᠯ ᠡᠮᠨᠡᠯᠭᠡ ᠶᠢᠨ ᠤᠯᠠᠮᠵᠢᠯᠠᠯᠳᠤ ᠤᠨᠤᠰᠢᠯᠠᠬᠤ ᠠᠷᠭ᠎ᠠ ᠪᠤᠯᠬᠤ《 ᠭᠤᠷᠪᠠᠨ ᠶᠡᠭᠡ ᠰᠢᠨᠵᠢᠯᠡᠭᠡ》 ᠪᠠᠷ ᠭᠤᠤᠯ ᠪᠤᠯᠭᠠᠵᠦ᠂ ᠤᠳᠤ ᠦᠶ᠎ᠡ ᠶᠢᠨ ᠠᠨᠠᠭᠠᠬᠤ ᠤᠬᠠᠭᠠᠨ ᠤ ᠤᠨᠤᠰᠢᠯᠠᠬᠤ ᠠᠷᠭ᠎ᠠ ᠪᠠᠷᠢᠯ ᠶᠢᠡᠷ ᠬᠢᠨᠡᠯᠳᠡ ᠪᠤᠯᠭᠠᠬᠤ ᠪᠤᠶᠤ ᠡᠨᠡ ᠬᠤᠶᠠᠷ ᠢ ᠵᠡᠷᠭᠡᠴᠡᠬᠦᠯᠦᠨ ᠬᠡᠷᠡᠭᠯᠡᠬᠦ ᠲᠤᠬᠠᠢ ᠲᠠᠢᠰᠢ ᠬᠦᠭᠵᠢᠵᠦ ᠪᠤᠢ᠃
Original Literature View Original Paper
出自 内蒙古民族大学学报(蒙医药学) 2014年 第2期

联系我们


内蒙古大学图书馆
呼和浩特市大学西路235号
中国·内蒙古
P: (0471) 4992561
E: huangfeilong@imu.edu.cn