Title |
ᠵᠠᠬᠠᠯᠠᠭᠰᠠᠨ ᠬᠤᠰᠢᠭᠤ ᠰᠢᠶᠠᠨ ᠤ ᠠᠵᠤ ᠠᠬᠤᠢ ᠶᠢᠨ ᠬᠡᠭᠵᠢᠯᠲᠡ ᠶᠢᠨ ᠲᠣᠬᠠᠢ ᠪᠠᠢᠢᠯᠳᠤᠬᠤ ᠪᠣᠳᠤᠯᠭ᠋ ᠠ ᠶᠢᠨ ᠪᠣᠳᠤᠯᠬᠢᠯᠠᠯ—ᠬᠦᠯᠦᠨ ᠪᠤᠢᠢᠷ ᠬᠣᠲᠠ ᠶᠢᠨ ᠵᠢᠱᠢᠶᠡᠨ ᠲᠡᠭᠡᠷ ᠡ |
Creator |
ᠫᠷᠣᠹᠸᠰᠰᠤᠷ ᠯᠢ ᠯᠢ |
Keyword |
ᠬᠤᠰᠢᠭᠤ ᠰᠢᠶᠠᠨ ᠤ ᠠᠵᠤ ᠠᠬᠤᠢ; ᠵᠠᠬᠠᠯᠠᠭᠰᠠᠨ ᠣᠷᠤᠨ ᠪᠦᠰᠡ; ᠬᠦᠭᠵᠢᠯᠲᠡ ᠶᠢᠨ ᠬᠦᠳᠡᠯᠭᠡ᠍ᠭ᠍ᠴᠢ ᠬᠦᠴᠦᠨ; ᠬᠦᠭ᠍ᠵᠢᠯᠲᠡ ᠶᠢᠨ ᠬᠡᠪ ᠵᠠᠭᠪᠤᠷ |
Abstract |
ᠬᠤᠰᠢᠭᠤ ᠰᠢᠶᠠᠨ ᠤ ᠠᠵᠤ ᠠᠬᠤᠢᠪᠣᠯ ᠣᠷᠤᠨ ᠪᠦᠰᠡ ᠶᠢᠨ ᠠᠵᠤ ᠠᠬᠤᠢ ᠶᠢᠨ ᠦᠨᠳᠦᠰᠦᠨ ᠡᠯᠸᠮᠨ᠋ᠲ ᠪᠠᠢᠢᠵᠤ᠂ ᠵᠠᠬᠠᠯᠠᠭᠰᠠᠨ ᠬᠤᠰᠢᠭᠤ ᠰᠢᠶᠠᠨ ᠤ ᠠᠵᠤ ᠠᠬᠤᠢ ᠶᠢᠨ ᠲᠣᠳᠤᠷᠠᠬᠢ ᠵᠠᠬᠠᠯᠠᠭᠳᠠᠭᠰᠠᠨ ᠲᠤᠭᠤᠷᠢᠭ ᠪᠣᠯᠤᠨ᠌ ᠠ᠃ ᠵᠠᠬᠠᠯᠠᠭᠰᠠᠨ ᠬᠤᠰᠢᠭᠤ ᠰᠢᠶᠠᠨ ᠤ ᠠᠵᠤ ᠠᠬᠤᠢ ᠨᠢ ᠣᠷᠤᠨ ᠪᠠᠢᠢᠷᠢᠰᠢᠯ᠂ ᠲᠡᠦᠬᠡ ᠵᠢᠴᠢ ᠵᠢᠰᠠᠭ ᠤᠨ ᠣᠷᠳᠤᠨ ᠤ ᠵᠠᠰᠠᠭ ᠵᠠᠬᠢᠷᠭᠠᠨ ᠤ ᠬᠠᠮᠢᠶᠠᠷᠤᠯᠲᠠ ᠵᠡᠷᠭᠡ ᠡᠴᠡ ᠰᠢᠯᠳᠠᠭᠠᠭᠯᠠᠳᠠᠵᠤ᠂ᠪᠦᠬᠦᠢᠢᠯᠡ ᠣᠷᠤᠨ ᠪᠦᠰᠡ ᠶᠢᠨ ᠠᠵᠤ ᠠᠬᠤᠢ ᠶᠢᠨ ᠭᠦᠭ᠍ᠵᠢᠯᠲᠡ ᠶᠢᠨ ᠲᠤᠮᠳᠠ ᠭᠤᠤᠯᠯᠠᠭᠴᠢ ᠣᠷᠤᠨ ᠤ ᠪᠦᠬᠦ ᠲᠠᠯ ᠠ ᠵᠢ ᠨᠦᠯᠦᠭᠡᠯᠡᠨ ᠲᠠᠭᠠᠭᠤᠯᠬᠤ ᠦᠢᠯᠡᠳᠦᠯ ᠢ ᠣᠯᠵᠤ ᠲᠡᠢᠢᠯᠬᠦ ᠦᠭᠡᠢ ᠶᠢᠨ ᠲᠡᠭᠡᠷ ᠡ ᠬᠤᠪᠢ ᠪᠡᠶ ᠡ ᠶᠢᠨ ᠭᠦᠭ᠍ᠵᠢᠯᠲᠡ ᠶᠢᠨ ᠲᠠᠯ ᠠ ᠳᠤ ᠮᠦᠨᠴᠦ ᠠᠵᠤ ᠠᠬᠤᠢ ᠶᠢᠨ ᠰᠠᠭᠤᠷᠢ ᠪᠠᠭᠤᠷᠠᠢ᠂ ᠭᠠᠳᠠᠷ ᠴᠢᠨᠠᠷᠲᠠᠢ ᠡᠬᠢ ᠪᠠᠶᠠᠯᠢᠭ ᠲᠤᠲᠠᠮᠠᠭ᠂ᠬᠦᠭ᠍ᠵᠢᠯᠲᠡ ᠶᠢᠨ ᠦᠪᠡᠷ ᠤᠨ ᠦᠷᠳᠡᠭ ᠦᠨᠳᠦᠷ ᠵᠡᠷᠭᠡ ᠣᠨᠴᠠᠯᠢᠭ ᠢᠯᠡᠷᠡᠵᠦ ᠪᠠᠢᠢᠳᠠᠭ᠃ ᠡᠨᠡ ᠨᠢ ᠲᠡᠭᠦᠨ ᠤ ᠠᠵᠤ ᠠᠬᠤᠢ ᠪᠠᠨ ᠭᠦᠭ᠍ᠵᠢᠭᠦᠯᠬᠦ ᠳᠤ ᠡᠷᠬᠡᠪᠰᠢ ᠲᠤᠰ ᠪᠡᠶ ᠡ ᠶᠢᠨ ᠬᠦᠭ᠍ᠵᠢᠯᠲᠡ ᠵᠢ ᠠᠬᠢᠭᠤᠯᠬᠤ ᠳᠤ ᠠᠰᠢᠭᠲᠠᠢ ᠬᠦᠳᠡᠯᠭᠡᠭ᠍ᠴᠢ ᠬᠦᠴᠦᠨ ᠤ ᠲᠤᠭᠲᠠᠯᠴᠠᠭ᠋ ᠠ ᠵᠢ ᠪᠠᠢᠢᠭᠤᠯᠵᠤ᠂ ᠪᠡᠶ ᠡ ᠳᠡᠭᠡᠨ ᠲᠤᠬᠢᠷᠠᠯᠴᠠᠭᠰᠠᠨ ᠭᠦᠭ᠍ᠵᠢᠯᠲᠡ ᠶᠢᠨ ᠬᠡᠪ ᠵᠠᠭᠪᠤᠷ ᠪᠠ ᠠᠷᠭ᠋ ᠠ ᠵᠠᠮ ᠢ ᠡᠷᠢᠯᠬᠢᠯᠡᠬᠦ ᠴᠢᠬᠤᠯᠠᠲᠠᠢ ᠪᠠᠢᠢᠬᠪ ᠵᠢ ᠲᠤᠭᠲᠠᠭᠠᠵᠠᠢ᠃ |
Original Literature |
View Original Paper
|
出自 |
内蒙古社会科学(蒙文版)
2009年
第6期
|