Title |
ᠰᠠᠭᠠᠩ ᠰᠡᠴᠡᠨ ᠤ 《ᠡᠷᠳᠡᠨᠢ ᠶᠢᠨ ᠲᠤᠪᠴᠢ》 ᠳᠡᠬᠢ ᠪᠤᠳᠠᠰᠴᠢ ᠬᠤᠪᠢᠰᠤᠩᠭ᠋ᠤᠢ ᠲᠠᠨᠢᠯᠳᠠ ᠶᠢᠨ ᠦᠵᠡᠯᠳᠡ ᠶᠢ ᠦᠭᠦᠯᠡᠬᠦ ᠨᠢ |
Creator |
ᠤᠶᠤᠨᠬᠡᠰᠢᠭ᠌ |
Keyword |
ᠰᠠᠭᠠᠩ ᠰᠡᠴᠡᠨ; ᠲᠠᠨᠢᠯᠳᠠ ᠶᠢᠨ ᠦᠵᠡᠯᠳᠡ; ᠬᠤᠪᠢᠰᠤᠩᠭ᠋ᠤᠢ ᠠᠷᠭ᠎ᠠ |
Abstract |
ᠰᠠᠭᠠᠩ ᠰᠡᠴᠡᠨ17 ᠳᠤᠭᠠᠷ ᠵᠠᠭᠤᠨ ᠤ ᠠᠯᠳᠠᠷᠳᠤ ᠪᠤᠳᠤᠯᠭᠠᠳᠠᠨ ᠪᠤᠯᠤᠭᠰᠠᠨ ᠤ ᠬᠤᠪᠢ ᠳᠤ᠂ ᠬᠦᠮᠦᠨ ᠤ ᠲᠠᠨᠢᠯᠳᠠ ᠪᠤᠯ ᠠᠩᠬ᠎ᠠ ᠡᠬᠢᠯᠡᠬᠦ ᠳ᠋ᠡᠭᠡᠨ ᠬᠦᠮᠦᠨ ᠤ ᠰᠡᠷᠡᠯ ᠤᠨ ᠡᠷᠭᠡᠳᠡᠨ ᠶᠢᠡᠷ ᠲᠠᠮᠵᠢᠨ ᠪᠤᠢ ᠪᠤᠯᠳᠠᠭ ᠭᠡᠬᠦ ᠮᠤᠩᠭ᠋ᠤᠯᠴᠤᠳ ᠤᠨ ᠤᠯᠠᠮᠵᠢᠯᠠᠯᠳᠤ ᠦᠵᠡᠯ ᠰᠠᠨᠠᠭ᠎ᠠ ᠶᠢ ᠬᠦᠯᠢᠶᠡᠨ ᠠᠪᠤᠭᠰᠠᠨ ᠪᠦᠭᠡᠳ ᠬᠡᠷᠡᠭ ᠶᠠᠪᠤᠳᠠᠯ ᠢ ᠵᠦᠪᠬᠡᠨ ᠬᠡᠰᠡᠭ ᠲᠠᠯ᠎ᠠ ᠡᠴᠡ᠂ ᠦᠩᠭᠡᠨ ᠲᠠᠯ᠎ᠠ ᠡᠴᠡ ᠨᠢ ᠦᠵᠡᠵᠦ᠂ ᠬᠠᠭᠤᠷᠮᠠᠭ ᠦᠵᠡᠭᠳᠡᠯ ᠳᠤ ᠬᠠᠭᠤᠷᠳᠠᠵᠤ ᠪᠤᠯᠬᠤ ᠦᠭᠡᠢ᠂ ᠵᠠᠳᠠᠯᠤᠨ ᠰᠢᠨᠵᠢᠯᠡᠵᠦ ᠤᠶᠤᠨ ᠤ ᠲᠠᠨᠢᠯᠳᠠ᠂ ᠵᠦᠪ ᠲᠠᠨᠢᠯᠳᠠ ᠲᠠᠢ ᠪᠤᠯᠬᠤ ᠬᠡᠷᠡᠭᠳᠡᠢ ᠭᠡᠰᠡᠨ ᠤᠴᠢᠷ ᠶᠤᠰᠤ ᠶᠢ ᠮᠡᠳᠡᠵᠦ ᠪᠠᠢ᠌ᠭᠰᠠᠨ ᠪᠠᠢ᠌ᠨ᠎ᠠ᠃ ᠡᠭᠦᠨ ᠤ ᠰᠠᠭᠤᠷᠢᠨ ᠲᠡᠭᠡᠷ᠎ᠡ ᠬᠦᠮᠦᠨ ᠤ ᠤᠶᠤᠨ ᠤ ᠲᠠᠨᠢᠯᠳᠠ ᠶᠢ ᠶᠡᠬᠡ ᠴᠢᠬᠤᠯᠠᠴᠢᠯᠠᠨ ᠦᠵᠡᠵᠦ᠂ ᠬᠦᠮᠦᠨ ᠦᠪᠡᠷ ᠤᠨ ᠰᠡᠴᠡᠨ ᠰᠡᠷᠭᠦᠯᠡᠩ ᠤᠶᠤᠨ ᠤᠬᠠᠭᠠᠨ ᠳ᠋ᠠᠭᠠᠨ ᠲᠦᠰᠢᠭᠯᠡᠨ ᠬᠤᠵᠢᠮ ᠤᠨ ᠤᠴᠢᠷ ᠢ ᠲᠠᠭᠠᠵᠤ ᠮᠡᠳᠡᠬᠦ ᠪᠦᠭᠡᠳ ᠬᠦᠮᠦᠨ ᠤ ᠤᠶᠤᠨ ᠤᠬᠠᠭᠠᠨ ᠳᠤ ᠪᠠᠰᠠ ᠭᠦᠨ ᠭᠦᠶᠦᠬᠡᠨ ᠤ ᠢᠯᠭᠠᠭ᠎ᠠ ᠵᠦᠷᠢᠶ᠎ᠡ ᠪᠠᠢ᠌ᠳᠠᠭ;ᠡᠨᠡ ᠬᠦ ᠢᠯᠭᠠᠭ᠎ᠠ ᠵᠦᠷᠢᠶ᠎ᠡ ᠶᠢ ᠦᠢᠯᠡᠳᠦᠯᠭᠡ ᠪᠡᠷ ᠲᠠᠮᠵᠢᠨ ᠰᠢᠯᠭᠠᠷᠠᠭᠤᠯᠵᠤ ᠪᠤᠯᠤᠨ᠎ᠠ ᠭᠡᠰᠡᠨ ᠦᠵᠡᠯᠳᠡ ᠪᠠᠨ《ᠡᠷᠳᠡᠨᠢ ᠶᠢᠨ ᠲᠤᠪᠴᠢ》 ᠳᠠᠭᠠᠨ ᠢᠯᠡᠷᠡᠭᠦᠯᠦᠭᠰᠡᠨ ᠪᠠᠢ᠌ᠨ᠎ᠠ᠃ |
Original Literature |
View Original Paper
|
出自 |
中国蒙古学
2015年
第6期
|