Paper Information


Title ᠪᠤᠷᠤ ᠲᠤᠯᠪᠤᠲᠤ ᠴᠢᠰᠦᠨ ᠡᠪᠡᠳᠴᠢᠨ ᠦ ᠮᠣᠩᠭᠤᠯ ᠡᠮᠨᠡᠯᠭᠡ ᠶᠢᠨ ᠬᠤᠪᠢᠰᠤᠩᠭᠤᠢ ᠰᠤᠪᠢᠯᠠᠯᠲᠠ ᠶᠢᠨ ᠲᠤᠬᠠᠢ
Creator ᠡᠦ ᠠᠷᠢᠭᠤᠨ
Keyword ᠮᠣᠩᠭᠤᠯ ᠠᠨᠠᠭᠠᠬᠤ ᠤᠬᠠᠭᠠᠨ; ᠪᠤᠷᠤ ᠲᠤᠯᠪᠤᠲᠤ ᠴᠢᠰᠦᠨ ᠡᠪᠡᠳᠴᠢᠨ; ᠬᠤᠪᠢᠰᠤᠩᠭᠤᠢ ᠰᠤᠪᠢᠯᠠᠯᠲᠠ
Abstract ᠪᠤᠷᠤ ᠲᠤᠯᠪᠤᠲᠤ ᠴᠢᠰᠦᠨ ᠡᠪᠡᠳᠴᠢᠨ ᠪᠤᠯ ᠨᠢᠭᠡᠨ ᠬᠠᠷᠰᠢᠬᠤ ᠴᠢᠨᠠᠷᠲᠠᠢ ᠢᠳᠡᠭᠡᠨ ᠤᠮᠳᠠᠭᠠᠨ ᠢ ᠡᠳ᠋ᠯᠡᠭᠰᠡᠨ ᠡᠴᠡ ᠪᠤᠯᠵᠤ᠂ ᠮᠠᠬᠠᠪᠤᠳ ᠲᠠᠮᠢᠷ ᠬᠢᠮᠤᠷᠠᠯᠳᠤᠭᠰᠠᠨ ᠠᠴᠠ ᠬᠦᠮᠦᠨ ᠦ ᠪᠡᠶ᠎ᠡ ᠳᠦ ᠮᠠᠭᠤ ᠴᠢᠰᠦ᠂ ᠰᠢᠷ᠎ᠠ ᠤᠰᠤ ᠠᠷᠪᠢᠳᠴᠤ᠂ ᠪᠠᠳᠭᠠᠨ ᠲᠠᠢ ᠨᠡᠢᠯᠡᠵᠦ ᠠᠷᠠᠰᠤᠨ ᠳᠤ ᠲᠠᠷᠬᠠᠵᠤ᠂ ᠮᠢᠬᠠᠨ ᠳᠤ ᠳᠡᠯᠭᠡᠷᠡᠨ᠂ ᠴᠤᠯᠤ ᠳᠤ ᠪᠠᠭᠤᠵᠤ᠂ ᠰᠠᠪᠠᠨ ᠳᠤ ᠤᠨᠠᠵᠤ᠂ ᠶᠠᠰᠤᠨ ᠳᠤ ᠰᠢᠨᠦᠵᠦ ᠡᠭᠦᠰᠳᠡᠭ ᠶᠤᠮ᠃ ᠡᠮᠴᠢᠯᠡᠭᠡᠨ ᠳᠡᠭᠡᠷ᠎ᠡ ᠬᠡᠦᠬᠡᠳ ᠪᠠᠭᠠᠴᠤᠳ ᠣᠯᠠᠨ ᠲᠤᠬᠢᠶᠠᠯᠳᠤᠳᠠᠭ ᠪᠦᠭᠡᠳ ᠡᠪᠡᠳᠴᠢᠨ ᠦ ᠶᠠᠪᠤᠴᠠ ᠨᠢ ᠤᠷᠲᠤ᠂ ᠬᠡᠪᠡᠯᠢ ᠭᠡᠳᠡᠰᠦ᠂ ᠶᠠᠰᠤ ᠦᠶᠡᠰ᠂ ᠪᠤᠯᠴᠢᠩ ᠮᠢᠬ᠎ᠠ ᠶᠢ ᠨᠦᠯᠦᠭᠡᠯᠡᠬᠦ ᠦᠶᠡᠰ ᠰᠢᠨᠵᠢ ᠲᠡᠮᠳᠡᠭ ᠨᠢ ᠬᠦᠨᠳᠦ ᠪᠠᠢᠳᠠᠭ᠃ ᠨᠢᠯᠬ᠎ᠠ ᠪᠠᠭᠠᠴᠤᠳ ᠲᠤ ᠪᠡᠶ᠎ᠡ ᠰᠡᠳᠬᠢᠯ ᠦᠨ ᠵᠤᠪᠠᠭᠤᠷᠢ ᠵᠦᠳᠡᠭᠦᠷᠢ ᠶᠢ ᠠᠪᠴᠢᠷᠠᠨ ᠦᠭᠴᠦ᠂ ᠭᠡᠷ ᠦᠨ ᠠᠬᠠᠮᠠᠳ ᠲᠤ ᠴᠤ ᠭᠡᠰᠡᠨ ᠵᠤᠬᠢᠬᠤ ᠳᠠᠷᠤᠭᠠᠰᠤ ᠪᠤᠯᠵᠤ ᠪᠠᠢᠳᠠᠭ᠃ ᠵᠤᠬᠢᠶᠠᠯ ᠳᠤ᠂ ᠣᠯᠠᠨ ᠵᠢᠯ ᠦᠨ ᠲᠤᠷᠰᠢᠬᠢ ᠪᠤᠷᠤ ᠲᠤᠯᠪᠤᠲᠤ ᠴᠢᠰᠦᠨ ᠡᠪᠡᠳᠴᠢᠨ ᠢ ᠬᠤᠪᠢᠰᠤᠩᠭᠤᠢ ᠪᠠᠷ ᠰᠤᠪᠢᠯᠠᠭᠰᠠᠨ ᠲᠤᠷᠰᠢᠯᠭ᠎ᠠ ᠪᠠᠨ ᠬᠤᠷᠢᠶᠠᠩᠭᠤᠢᠯᠠᠨ ᠳ᠋ᠦᠩᠨᠡᠬᠦ ᠶᠢᠨ ᠬᠠᠮᠲᠤ᠂ ᠬᠤᠢᠰᠢᠲᠠ ᠶᠢᠨ ᠪᠤᠷᠤ ᠲᠤᠯᠪᠤᠲᠤ ᠴᠢᠰᠦᠨ ᠡᠪᠡᠳᠴᠢᠨ ᠲᠡᠢ ᠡᠪᠡᠳᠴᠢᠲᠡᠨ ᠢ ᠤᠯᠠᠮ ᠨᠢᠭᠡ ᠠᠯᠬᠤᠮ ᠨᠠᠷᠢᠨ ᠨᠢᠭᠲᠠ ᠰᠤᠪᠢᠯᠠᠬᠤ ᠪᠠᠷ ᠳᠠᠮᠵᠢᠨ᠂ ᠮᠣᠩᠭᠤᠯ ᠠᠨᠠᠭᠠᠬᠤ ᠤᠬᠠᠭᠠᠨ ᠤ ᠪᠤᠷᠤ ᠲᠤᠯᠪᠤᠲᠤ ᠴᠢᠰᠤᠨ ᠡᠪᠡᠳᠴᠢᠨ ᠦ ᠬᠤᠪᠢᠰᠤᠩᠭᠤᠢ ᠰᠤᠪᠢᠯᠠᠯᠲᠠ ᠶᠢ ᠪᠦᠷᠢᠨ ᠪᠦᠲᠦᠨ ᠪᠤᠯᠭᠠᠵᠤ᠂ ᠡᠪᠡᠳᠴᠢᠲᠡᠨ ᠦ ᠵᠤᠪᠠᠭᠤᠷᠢ ᠵᠦᠳᠡᠭᠦᠷᠢ ᠶᠢ ᠨᠡᠩ ᠲᠦᠷᠭᠡᠨ ᠠᠷᠢᠯᠭᠠᠬᠤ ᠳᠤ ᠬᠠᠪᠰᠤᠷᠤᠮᠵᠢ ᠪᠤᠯᠭᠠᠬᠤ ᠶᠢ ᠵᠤᠷᠢᠪᠠ᠃
Original Literature No Original Paper
出自 内蒙古民族大学学报(自然科学) 2015年 第2期

联系我们


内蒙古大学图书馆
呼和浩特市大学西路235号
中国·内蒙古
P: (0471) 4992561
E: huangfeilong@imu.edu.cn