Title |
ᠶᠠᠫᠤᠨ ᠪᠠ ᠮᠣᠩᠭᠤᠯ ᠬᠤᠶᠠᠷ ᠬᠡᠯᠡᠨ ᠦ ᠠᠪᠢᠶᠠᠨ ᠤ ᠨᠢᠭᠡᠴᠢ ᠶᠢᠨ ᠲᠡᠭᠦᠰᠪᠦᠷᠢ ᠠᠪᠢᠶᠠᠨ ᠤ ᠭᠤᠤᠯᠯᠠᠬᠤ ᠣᠨᠴᠠᠯᠢᠭ ᠬᠢᠭᠡᠳ ᠦᠢᠯᠡᠳᠦᠯ |
Creator |
ᠬᠠᠰᠤᠨᠲᠤᠶᠠᠭ᠎ᠠ |
Keyword |
ᠶᠠᠫᠤᠨ ᠬᠡᠯᠡ; ᠮᠣᠩᠭᠤᠯ ᠬᠡᠯᠡ; ᠠᠪᠢᠶᠠᠨ ᠤ ᠨᠢᠭᠡᠴᠢ; ᠲᠡᠭᠦᠰᠪᠦᠷᠢ ᠠᠪᠢᠶ᠎ᠠ; ᠣᠨᠴᠠᠯᠢᠭ ᠦᠢᠯᠡᠳᠦᠯ |
Abstract |
ᠳᠡᠯᠡᠬᠡᠢ ᠶᠢᠨ ᠡᠯ᠎ᠡ ᠦᠨᠳᠦᠰᠦᠲᠡᠨ ᠦ ᠬᠡᠯᠡᠨ ᠦ ᠠᠪᠢᠶᠠᠨ ᠤ ᠨᠢᠭᠡᠴᠢ ᠶᠢᠨ ᠪᠦᠲᠦᠴᠡ ᠨᠢ ᠴᠦᠮ ᠦᠪᠡᠷ ᠦᠪᠡᠷ ᠦᠨ ᠣᠨᠴᠠᠯᠢᠭ ᠲᠠᠢ᠃ ᠮᠣᠩᠭᠤᠯ ᠬᠡᠯᠡᠨ ᠦ ᠦᠭᠡ ᠶᠢᠨ ᠦᠶ᠎ᠡ ᠪᠤᠯ ᠡᠭᠡᠰᠢᠭ ᠪᠡ ᠭᠡᠶᠢᠭᠦᠯᠦᠭᠴᠢ ᠶᠢᠨ ᠠᠯᠢ ᠪᠠᠷ ᠴᠤ ᠲᠡᠭᠦᠰᠴᠦ ᠪᠤᠯᠳᠠᠭ᠃ ᠬᠢᠲᠠᠳ ᠬᠡᠯᠡᠨ ᠦ ᠨᠡᠢᠲᠡᠯᠢᠭ ᠬᠡᠯᠡᠨ ᠦ ᠦᠶ ᠡ ᠶᠢᠨ ᠪᠦᠲᠦᠴᠡ ᠨᠢ ᠵᠠᠳᠠᠭᠠᠢ ᠦᠶ᠎ᠡ ᠣᠯᠠᠩᠭᠢ ᠲᠤᠭ᠎ᠠ ᠶᠢ ᠡᠵᠡᠯᠡᠵᠦ᠂ ᠪᠢᠳᠡᠭᠦᠦ ᠦᠶ᠎ᠡ ᠨᠢ ᠬᠠᠷᠢᠨ ᠴᠦᠬᠡᠨ ᠬᠡᠳᠦᠨ ᠵᠤᠢᠯ ᠪᠠᠢᠳᠠᠭ᠃ ᠣᠷᠤᠰ ᠬᠡᠯᠡ ᠪᠡ ᠠᠩᠭ᠍ᠯᠢ ᠬᠡᠯᠡᠨ ᠦ ᠦᠶ᠎ᠡ ᠶᠢᠨ ᠪᠦᠲᠦᠴᠡ ᠨᠢ ᠨᠡᠯᠢᠶᠡᠳ ᠪᠤᠳᠤᠯᠢᠶᠠᠨ ᠲᠠᠢ ᠪᠠᠢᠵᠤ᠂ ᠵᠠᠳᠠᠭᠠᠢ ᠦᠶ᠎ᠡ ᠪᠡ ᠪᠢᠳᠡᠭᠦᠦ ᠦᠶ᠎ᠡ ᠨᠢ ᠨᠢᠭᠡ ᠯᠡ ᠠᠳᠠᠯᠢ ᠪᠠᠷ ᠣᠯᠠᠨ ᠲᠤᠬᠢᠶᠠᠯᠳᠤᠬᠤ ᠪᠠᠷ ᠦᠯᠦ ᠪᠠᠷᠠᠨ᠂ ᠠᠳᠠᠯᠢ ᠪᠤᠰᠤ ᠲᠦᠷᠦᠯ ᠦᠨ ᠭᠡᠶᠢᠭᠦᠯᠦᠭᠴᠢ ᠨᠢ ᠴᠦ ᠦᠶ᠎ᠡ ᠶᠢᠨ ᠳᠤᠲᠤᠷ᠎ᠠ ᠬᠠᠮᠲᠤ ᠬᠤᠯᠪᠤᠯᠳᠤᠨ ᠣᠷᠤᠵᠤ ᠪᠤᠯᠤᠨ᠎ᠠ᠃ ᠶᠠᠫᠤᠨ ᠬᠡᠯᠡᠨ ᠦ ᠦᠶ᠎ᠡ ᠶᠢᠨ ᠪᠦᠲᠦᠴᠡ ᠳᠦ ᠵᠠᠳᠠᠭᠠᠢ ᠦᠶ ᠡ ᠳᠡᠢᠯᠦᠩᠭᠦᠢ ᠬᠤᠪᠢ ᠶᠢ ᠡᠵᠡᠯᠡᠵᠦ᠂ ᠪᠢᠳᠡᠭᠦᠦ ᠦᠶ ᠡ ᠨᠢ ᠵᠦᠪᠬᠡᠨ ᠴᠦᠬᠡᠪᠲᠦᠷ ᠬᠡᠳᠦᠬᠡᠨ ᠵᠤᠢᠯ ᠪᠠᠢᠳᠠᠭ ᠶᠤᠮ᠃ ᠦᠭᠦᠯᠡᠯ ᠳᠦ᠂ ᠶᠠᠫᠤᠨ ᠪᠠ ᠮᠣᠩᠭᠤᠯ ᠬᠤᠶᠠᠷ ᠬᠡᠯᠡᠨ ᠦ ᠠᠪᠢᠶᠠᠨ ᠤ ᠨᠢᠭᠡᠴᠢ ᠶᠢᠨ ᠲᠡᠭᠦᠰᠪᠦᠷᠢ ᠠᠪᠢᠶᠠᠨ ᠤ ᠣᠨᠴᠠᠯᠢᠭ ᠢ ᠬᠠᠷᠢᠴᠠᠭᠤᠯᠤᠨ ᠰᠢᠨᠵᠢᠯᠡᠵᠦ᠂ ᠡᠨᠡ ᠬᠦ ᠣᠨᠴᠠᠯᠢᠭ ᠠᠴᠠ ᠪᠤᠯᠤᠭᠰᠠᠨ ᠲᠤᠰ ᠪᠦᠷᠢ ᠶᠢᠨ ᠬᠡᠯᠡ ᠳᠡᠭᠡᠨ ᠦᠵᠡᠭᠦᠯᠬᠦ ᠭᠤᠤᠯᠯᠠᠬᠤ ᠦᠢᠯᠡᠳᠦᠯ ᠢ ᠭᠤᠤ᠎ᠠ ᠰᠤᠨᠢᠷᠬᠠᠯ ᠤᠨ ᠦᠢᠯᠡᠳᠦᠯ᠂ ᠬᠠᠷᠢ ᠬᠡᠯᠡ ᠶᠢ ᠠᠪᠢᠶᠠᠯᠠᠬᠤ ᠳᠤ ᠦᠵᠡᠭᠦᠯᠬᠦ ᠦᠢᠯᠡᠳᠦᠯ ᠬᠡᠮᠡᠬᠦ ᠬᠤᠶᠠᠷ ᠲᠠᠯ᠎ᠠ ᠠᠴᠠ ᠳᠦᠭᠦᠮ ᠦᠭᠦᠯᠡᠵᠡᠢ᠃ |
Original Literature |
View Original Paper
|
出自 |
中国蒙古学
2015年
第2期
|