Abstract |
ᠲᠤ ᠸᠠᠩ ᠤᠨ ᠠᠮᠢᠳᠤᠷᠠᠵᠦ ᠪᠠᠢ᠋ᠭᠰᠠᠨ ᠴᠠᠭ ᠪᠤᠯ ᠮᠤᠩᠭ᠋ᠤᠯ ᠤᠨ ᠠᠵᠦ ᠠᠬᠤᠢ ᠡᠳ᠋ ᠤᠨ ᠵᠠᠰᠠᠭ ᠬᠦᠴᠢᠷᠳᠡᠯ ᠲᠠᠢ ᠪᠠᠢ᠋ᠭᠰᠠᠨ ᠦᠶ᠎ᠡ ᠮᠦᠨ᠃ᠮᠠᠯᠴᠢᠳ ᠤᠨ ᠠᠵᠦ ᠠᠮᠢᠳᠤᠷᠠᠯ ᠤᠨ ᠲᠦᠪᠰᠢᠨ ᠲᠤᠤᠷ᠎ᠠ᠂ ᠶᠠᠳᠠᠭᠤᠷᠠᠯ ᠬᠤᠭᠤᠰᠤᠷᠠᠯ ᠨᠢ ᠨᠢᠭᠡᠨ ᠴᠢᠬᠤᠯᠠ ᠨᠠᠢ᠋ᠭᠡᠮ ᠤᠨ ᠠᠰᠠᠭᠤᠳᠠᠯ ᠪᠤᠯᠵᠦ ᠪᠠᠢ᠋ᠪᠡ᠃ ᠲᠤ ᠸᠠᠩ ᠲᠤᠬᠠᠢ ᠶᠢᠨ ᠦᠶ᠎ᠡ ᠶᠢᠨ ᠮᠤᠩᠭ᠋ᠤᠯ ᠤᠨ ᠨᠠᠢ᠋ᠭᠡᠮ ᠤᠨ ᠲᠤᠮᠳᠠ ᠤᠷᠤᠰᠢᠵᠦ ᠪᠠᠢ᠋ᠭᠰᠠᠨ ᠶᠠᠳᠠᠭᠤᠷᠠᠯ ᠤᠨ ᠲᠤᠬᠠᠢ ᠠᠰᠠᠭᠤᠳᠠᠯ ᠳᠤ ᠶᠡᠭᠡᠳᠠ ᠰᠠᠨᠠᠭᠠᠰᠢᠷᠠᠵᠦ᠂ ᠨᠠᠯᠢᠶᠠᠳ ᠬᠦᠨᠵᠡᠬᠡᠢ ᠵᠠᠳᠠᠯᠤᠨ ᠦᠬᠦᠯᠡᠭᠰᠡᠨ ᠪᠠᠢ᠋ᠨ᠎ᠠ᠃ ᠲᠡᠷᠡ ᠮᠠᠯᠴᠢᠳ ᠤᠨ ᠶᠠᠳᠠᠭᠤᠷᠠᠭᠰᠠᠨ ᠰᠢᠯᠳᠠᠭᠠᠨ ᠢ ᠵᠢᠭᠠᠨ ᠭᠠᠷᠭᠠᠬᠤ ᠶᠢᠨ ᠬᠠᠮᠳᠤ ᠶᠠᠳᠠᠭᠤᠷᠠᠯ ᠢ ᠪᠠᠭᠠᠰᠬᠠᠬᠤ ᠵᠠᠷᠭᠡ ᠲᠠᠯ᠎ᠠ ᠪᠡᠷ ᠤᠯᠠᠨ ᠠᠷᠪᠢᠨ ᠠᠷᠭ᠎ᠠ ᠬᠡᠮᠵᠢᠶ᠎ᠡ ᠲᠤᠷᠠᠳᠤᠭᠰᠠᠨ ᠪᠠᠢ᠋ᠨ᠎ᠠ᠃ |