Title |
ᠲᠤᠭᠤᠨᠲᠡᠮᠦᠷ ᠬᠠᠭᠠᠨ ᠳᠤ ᠬᠤᠯᠪᠤᠭᠳᠠᠭᠰᠠᠨ ᠳᠤᠮᠤᠭ ᠶᠠᠷᠢᠶ᠎ᠠ ᠶᠢ ᠰᠢᠨᠵᠢᠯᠡᠬᠦ ᠨᠢ |
Creator |
ᠮᠠᠨᠳᠠᠷᠠᠤ᠎ᠠ |
Keyword |
ᠲᠤᠭᠤᠨᠲᠡᠮᠦᠷ ᠬᠠᠭ᠋ᠠᠨ; ᠳᠤᠮᠤᠭ ᠶᠠᠷᠢᠶ᠎ᠠ; ᠰᠤᠶᠤᠯ ᠰᠡᠳᠬᠢᠭᠦᠢ |
Abstract |
ᠲᠤᠭᠤᠨᠲᠡᠮᠦᠷ ᠬᠠᠭ᠋ᠠᠨ ᠳᠤ ᠬᠤᠯᠪᠤᠭᠳᠠᠭᠰᠠᠨ ᠳᠤᠮᠤᠭ ᠶᠠᠷᠢᠶ᠎ᠠ ᠶᠢᠨ ᠰᠤᠳᠤᠯᠤᠭᠰᠠᠨ ᠪᠠᠢᠳᠠᠯ ᠢ ᠴᠤᠬᠤᠰ ᠲᠠᠨ᠋ᠢᠯᠴᠠᠭ᠋ᠤᠯᠵᠤ᠂ ᠦᠩᠭᠡᠷᠡᠭᠰᠡᠨ ᠦ ᠰᠤᠳᠤᠯᠭ᠋ᠠᠨ ᠤ ᠣᠨ᠋ᠣᠵᠤ ᠠᠯᠳᠠᠭᠰᠠᠨ ᠲᠤᠬᠠᠢ ᠳᠦᠭᠦᠮ ᠵᠠᠳᠠᠯᠤᠯᠲᠠ ᠬᠢᠭᠰᠡᠨ ᠰᠠᠭ᠋ᠤᠷᠢᠨ ᠳᠡᠭᠡᠷ᠎ᠡ᠂ ᠤᠷᠠᠨ ᠵᠤᠬᠢᠶᠠᠯ᠂ ᠲᠡᠦᠬᠡ ᠶᠢᠨ ᠤᠬᠠᠭ᠋ᠠᠨ᠂ ᠰᠤᠶᠤᠯ ᠵᠦᠢ ᠶᠢᠨ ᠰᠤᠯᠪᠢᠴᠠᠯ ᠰᠢᠨᠵᠢᠯᠡᠭᠡᠨ ᠦ ᠡᠭᠦᠳᠡᠨ ᠡᠴᠡ ᠲᠤᠭ᠋ᠤᠨᠲᠡᠮᠦᠷ ᠬᠠᠭ᠋ᠠᠨ ᠳᠤ ᠬᠤᠯᠪᠤᠭᠳᠠᠭᠰᠠᠨ 《ᠲᠤᠭ᠋ᠤᠨᠲᠡᠮᠦᠷ ᠬᠠᠭ᠋ᠠᠨ ᠪᠤᠯ ᠰᠦᠩ ᠤᠯᠤᠰ ᠤᠨ ᠬᠠᠭ᠋ᠠᠨ ᠤ ᠦᠷᠡᠳᠦᠰ》᠂ 《ᠶᠦᠭᠯᠦ ᠬᠠᠭ᠋ᠠᠨ ᠤ ᠳᠤᠮᠤᠭ》 ᠵᠡᠷᠭᠡ ᠬᠤᠶᠠᠷ ᠳᠤᠮᠤᠭ ᠶᠠᠷᠢᠶ᠎ᠠ ᠶᠢ ᠰᠢᠨᠵᠢᠯᠡᠨ ᠰᠤᠳᠤᠯᠤᠭ᠋ᠠᠳ᠂ ᠲᠡᠦᠬᠡ ᠶᠢᠨ ᠤᠬᠠᠭ᠋ᠠᠨ ᠤ ᠡᠭᠦᠳᠡᠨ ᠡᠴᠡ ᠦᠵᠡᠪᠡᠯ᠂ ᠲᠤᠭ᠋ᠤᠨᠲᠡᠮᠦᠷ ᠬᠠᠭ᠋ᠠᠨ ᠪᠤᠯ ᠰᠦᠩ ᠤᠯᠤᠰ ᠤᠨ ᠬᠠᠮᠤᠭ ᠰᠡᠭᠦᠯ ᠦᠨ ᠬᠠᠭ᠋ᠠᠨ ᠵᠤᠤ ᠰᠢᠶᠠᠨ ᠤ ᠬᠦᠦ ᠭᠡᠬᠦ ᠪᠡ ᠮᠢᠩ ᠤᠯᠤᠰ ᠤᠨ ᠶᠦᠩᠯᠧ ᠬᠠᠭ᠋ᠠᠨ ᠪᠤᠯ ᠲᠤᠭ᠋ᠤᠨᠲᠡᠮᠦᠷ ᠬᠠᠭ᠋ᠠᠨ ᠤ ᠬᠦᠦ ᠭᠡᠳᠡᠭ ᠪᠤᠯ ᠲᠡᠦᠬᠡᠨ ᠦᠨᠳᠦᠰᠦ ᠪᠠᠷᠢᠮᠲᠠ ᠦᠭᠡᠢ ᠬᠡᠯᠡᠯᠭᠡ ᠮᠦᠨ; ᠤᠷᠠᠨ ᠵᠤᠬᠢᠶᠠᠯ ᠤᠨ ᠡᠭᠦᠳᠡᠨ ᠡᠴᠡ ᠦᠵᠡᠪᠡᠯ᠂ ᠡᠨ᠋ᠡ ᠬᠤᠶᠠᠷ ᠬᠡᠯᠡᠯᠭᠡ ᠨᠢ ᠪᠦᠷ ᠠᠷᠠᠳ ᠤᠨ ᠳᠤᠮᠤᠭ ᠶᠠᠷᠢᠶ᠎ᠠ ᠪᠤᠯᠤᠨ᠎ᠠ᠃ ᠡᠳᠡᠭᠡᠷ ᠳᠤᠮᠤᠭ ᠶᠠᠷᠢᠶ᠎ᠠ ᠶᠢᠨ ᠡᠭᠦᠰᠦᠨ ᠳᠡᠯᠭᠡᠷᠡᠭᠰᠡᠨ ᠨᠢ ᠶᠤᠸᠠᠨ ᠤᠯᠤᠰ ᠤᠨ ᠰᠡᠭᠦᠯᠴᠢ ᠮᠢᠩ ᠤᠯᠤᠰ ᠤᠨ ᠡᠬᠢᠨ ᠦ ᠦᠶ᠎ᠡ ᠶᠢᠨ ᠬᠡᠰᠡᠭ ᠪᠦᠯᠦᠭ ᠬᠦᠮᠦᠰ ᠦᠨ ᠰᠤᠶᠤᠯ ᠰᠡᠳᠬᠢᠭᠦᠢ ᠶᠢᠨ ᠣᠨᠴᠠᠯᠢᠭ ᠢ ᠳᠤᠰᠬᠠᠨ ᠬᠠᠷᠠᠭ᠋ᠤᠯᠤᠭᠰᠠᠨ ᠪᠦᠭᠡᠳ ᠬᠤᠢᠨ᠋ᠠᠬᠢ ᠳᠤᠮᠤᠭ ᠶᠠᠷᠢᠶ᠎ᠠ ᠨᠢ ᠡᠮᠦᠨ᠋ᠡᠬᠢ ᠡᠴᠡ ᠪᠡᠨ ᠰᠠᠨ᠋ᠠᠭ᠎ᠠ ᠠᠪᠴᠤ ᠵᠤᠬᠢᠶᠠᠭᠳᠠᠭᠰᠠᠨ ᠭᠡᠬᠦ ᠳ᠋ᠦᠩᠨ᠋ᠡᠯᠲᠡ ᠭᠠᠷᠭ᠋ᠠᠵᠠᠢ᠃ |
Original Literature |
No Original Paper
|
出自 |
内蒙古民族大学学报(社会科学)
2003年
第1期
|