Title |
ᠬᠤᠭᠤᠷ ᠤᠨ ᠦᠯᠢᠭᠡᠷ ᠲᠤ ᠢᠯᠡᠷᠡᠬᠦ ᠬᠡᠳᠦᠨ ᠰᠣᠶᠣᠯ ᠤᠨ ᠨᠦᠯᠦᠭᠡ ᠵᠢ ᠰᠢᠨᠵᠢᠯᠡᠬᠦ ᠨᠢ |
Creator |
ᠯᠢ ᠼᠠᠢ ᠬᠤᠸᠠ |
Keyword |
ᠬᠤᠭᠤᠷ ᠤᠨ ᠦᠯᠢᠭᠡᠷ; ᠲᠠᠭᠤᠷᠢᠯᠢᠭ᠋ ᠤᠷᠠᠯᠢᠭ; ᠬᠢᠲᠠᠳ ᠰᠣᠶᠣᠯ;ᠮᠣᠩᠭ᠋ᠤᠯ ᠬᠢᠲᠡᠳ ᠰᠣᠶᠣᠯ ᠤᠨ ᠰᠣᠯᠢᠯᠴᠠᠭ᠋ ᠠ |
Abstract |
ᠮᠣᠩᠭ᠋ᠤᠯ ᠦᠨᠳᠦᠰᠦᠲᠡᠨ ᠤ ᠬᠤᠭᠤᠷ ᠤᠨ ᠦᠯᠢᠭᠡᠷ ᠪᠣᠯ ᠬᠡᠯᠡᠬᠦ᠂ ᠲᠠᠭᠤᠯᠠᠬᠤ; ᠲᠣᠭᠯᠠᠬᠤ ᠵᠢ ᠤᠶᠠᠯᠳᠤᠭᠤᠯᠤᠭᠰᠠᠨ ᠶᠡᠷᠦᠩᠬᠡᠢᠯᠡᠭᠰᠡᠨ ᠤᠷᠠᠯᠢᠭ᠂ ᠮᠦᠨ ᠴᠤ ᠲᠠᠷᠢᠶᠠᠯᠠᠬᠤ ᠰᠣᠶᠣᠯ ᠪᠠ ᠨᠠᠭᠦᠳᠠᠯ ᠮᠠᠯᠵᠢᠯ ᠤᠨ ᠤᠨ ᠰᠣᠶᠣᠯ ᠢ ᠬᠠᠷᠢᠯᠴᠠᠨ ᠤᠶᠠᠯᠳᠤᠭᠤᠯᠤᠭᠰᠠᠨ ᠪᠦᠲᠦᠭᠡᠭ᠍ᠳᠡᠬᠦᠨ ᠮᠦᠨ᠃ ᠲᠡᠷᠡ ᠨᠢ ᠮᠣᠩᠭ᠋ᠤᠯ ᠦᠨᠳᠦᠰᠦᠲᠡᠨ ᠤ ᠠᠯᠢ ᠡᠷᠲᠡᠨ ᠤ ᠪᠠᠭᠠᠲᠤᠷᠯᠢᠭ ᠲᠣᠣᠯᠢ ᠶᠢᠨ ᠤᠯᠠᠮᠵᠢᠯᠠᠯ ᠢ ᠬᠦᠭᠵᠢᠭᠦᠯᠦᠭᠰᠡᠨ ᠢᠢᠡᠷ ᠦᠯᠦ ᠪᠠᠷᠠᠨ ᠮᠣᠩᠭ᠋ᠤᠯ᠃ ᠬᠢᠲᠠᠳ ᠬᠣᠶᠠᠷ ᠦᠨᠳᠦᠰᠦᠲᠡᠨ ᠤ ᠰᠣᠶᠣᠯ ᠤᠨ ᠰᠣᠯᠢᠯᠴᠠᠭ᠋ ᠠ ᠵᠢ ᠠᠬᠢᠭᠤᠯᠵᠤ᠂ ᠮᠣᠩᠭ᠋ᠤᠯ ᠦᠨᠳᠦᠰᠦᠲᠡᠨ ᠡᠴᠡ ᠪᠣᠰᠤᠳ ᠦᠨᠳᠦᠰᠦᠲᠡᠨ ᠤ ᠰᠣᠶᠣᠯ ᠤᠨ ᠨᠦᠯᠦᠭᠡ ᠵᠢ ᠬᠦᠯᠢᠶᠡᠨ ᠠᠪᠬᠤ ᠶᠠᠪᠤᠴᠠ ᠳᠡᠬᠢ ᠢᠳᠡᠪᠬᠢᠲᠡᠢ ᠪᠡᠷ ᠲᠠᠬᠢᠨ ᠪᠦᠲᠦᠭᠡᠬᠦ ᠵᠣᠷᠢᠭ ᠰᠠᠨᠠᠭ᠋ ᠠ ᠵᠢ ᠬᠠᠷᠠᠭᠤᠯᠤᠭᠰᠠᠨ ᠪᠠᠢᠢᠨ᠋᠌ ᠠ᠃ ᠲᠤᠰ ᠦᠭᠦᠯᠡᠯ ᠳᠤ ᠭᠣᠣᠯᠳᠠᠭᠤ ᠲᠣᠭᠯᠠᠢᠲᠠ ᠶᠢᠨ ᠶᠠᠪᠤᠴᠠ ᠵᠢ ᠪᠠᠢᠢᠷᠢᠯᠠᠭᠤᠯᠬᠤ᠂ ᠦᠯᠢᠭᠡᠷ ᠤᠨ ᠰᠡᠳᠦᠪ ᠪᠠ ᠬᠡᠯᠡ ᠬᠡᠯᠡᠯᠭᠡ ᠶᠢᠨ ᠰᠤᠩᠭ᠋ᠤᠯᠲᠠ ᠵᠡᠷᠭᠡ ᠭᠤᠷᠪᠠᠨ ᠲᠠᠯ ᠠ ᠶᠢᠨ ᠬᠠᠷᠭᠠᠰᠤ ᠡᠴᠡ ᠬᠤᠭᠤᠷ ᠤᠨ ᠦᠯᠢᠭᠡᠷ ᠲᠤ ᠢᠯᠡᠷᠡᠵᠦ ᠪᠠᠢᠢᠬᠤ ᠬᠢᠲᠠᠳ ᠰᠣᠶᠣᠯ ᠤᠨ ᠨᠦᠯᠦᠭᠡ ᠵᠢ ᠰᠢᠨᠵᠢᠯᠡᠪᠠ᠃ |
Original Literature |
View Original Paper
|
出自 |
中国蒙古学
2012年
第2期
|