| Abstract |
ᠲᠡᠯᠡᠬᠢ ᠳᠡᠬᠢᠨ ᠳᠤ ᠠᠯᠳᠠᠷᠰᠢᠭᠰᠠᠨ ᠭᠦᠭ᠍ᠵᠢᠮ ᠤᠨ ᠵᠣᠬᠢᠶᠠᠯᠴᠢ ᠱᠤᠫᠠᠨ ᠪᠣᠯ ᠴᠤᠷ ᠤᠨ ᠭᠠᠭᠴᠠ ᠲᠡᠭᠦᠯᠳᠡᠷ ᠬᠤᠭᠤᠷ ᠬᠦᠭ᠍ᠵᠢᠮ ᠳᠤ ᠵᠣᠷᠢᠭᠤᠯᠵᠤ ᠤᠷᠠᠨ ᠪᠦᠲᠦᠭᠡᠯ ᠢᠢᠡᠨ ᠵᠣᠬᠢᠶᠠᠨ ᠪᠦᠲᠦᠭᠡᠭᠰᠡᠨ ᠬᠦᠮᠦᠨ ᠶᠣᠮ᠃ ᠡᠸᠦᠷᠦᠫᠡ ᠶᠢᠨ ᠭᠦᠭ᠍ᠵᠢᠮ ᠤᠨ ᠲᠡᠦᠬᠡᠨ ᠳᠤ ᠰᠤᠫᠠᠨ ᠤ ᠷᠢᠳᠢ ᠰᠢᠳᠢ ᠨᠢ ᠣᠷᠳ ᠡᠮᠦᠨ᠌ ᠠ ᠭᠠᠷᠤᠭ᠋ ᠠ ᠦᠭᠡᠢ ᠪᠦᠭᠡᠳ ᠲᠡᠭᠦᠨ ᠤ ᠲᠦᠷᠦᠯᠬᠢ ᠠᠪᠢᠶᠠᠰ ᠴᠢᠳᠠᠪᠤᠷᠢ ᠨᠢ ᠬᠦᠮᠦᠨ ᠢ ᠰᠣᠴᠢᠭᠠᠮᠠᠷ ᠪᠠᠢᠵᠤ᠂ ᠤᠷᠠᠨ ᠪᠦᠲᠦᠭᠡᠯ ᠨᠢ ᠶᠡᠷᠦ ᠪᠣᠰᠤ ᠶᠢᠨ ᠦᠷᠭᠡᠴᠡ ᠲᠠᠢ ᠪᠠᠢᠳᠠᠭ᠃ ᠦᠭᠦᠯᠡᠯ ᠳᠤ ᠱᠤᠫᠠᠨ ᠤ ᠲᠡᠭᠦᠯᠳᠡᠷ ᠬᠤᠭᠤᠷ ᠤᠨ ᠰᠣᠷᠪᠤᠯᠵᠢ ᠪᠢᠴᠢᠭ᠌ ᠲᠡᠬᠢ ᠲᠪᠰᠢᠯᠲᠠ ᠵᠢ ᠲᠦᠯᠦᠭᠡᠯᠡᠭᠰᠡᠨ ᠲᠣᠮᠤ ᠵᠢᠵᠢᠭ ᠬᠡᠯᠪᠡᠷᠢᠲᠤ ᠣᠯᠠᠨ ᠲᠦᠷᠦᠯ ᠤᠨ ᠤᠷᠠᠨ ᠪᠦᠲᠦᠭᠡᠯ ᠢ ᠣᠨ ᠲᠣᠭᠠᠯᠠᠯ ᠤᠨ ᠲᠠᠷᠠᠭᠠᠯᠠᠯ ᠢᠢᠡᠷ ᠡᠮᠬᠢᠳᠭᠡᠨ ᠲᠠᠢᠯᠪᠤᠷᠢᠯᠠᠵᠤ᠂ ᠤᠳᠬ ᠠ ᠠᠭᠤᠯᠭ᠋ ᠠ ᠳ᠋ᠤᠨᠢ ᠳ᠋ᠦᠩᠨᠡᠯᠲᠡ ᠬᠢᠵᠡᠢ᠃ |