Title |
ᠭᠡᠰᠡᠷ ᠲᠠᠢ ᠬᠤᠯᠪᠤᠭᠳᠠᠭᠰᠠᠨ ᠠᠭᠤᠯᠠ ᠤᠰᠤᠨ ᠤ ᠲᠤᠮᠤᠭ ᠶᠠᠷᠢᠶ᠎ᠠ ᠳᠤ ᠲᠤᠰᠬᠠᠭᠳᠠᠭᠰᠠᠨ ᠦᠨᠳᠦᠰᠦᠳᠡᠨ ᠤ ᠰᠤᠶᠤᠯ ᠰᠡᠳᠭᠢᠴᠡ — ᠵᠢᠷᠢᠮ ᠤᠨ ᠠᠭᠤᠯᠠ ᠤᠰᠤᠨ ᠤ ᠲᠤᠮᠤᠭ ᠶᠠᠷᠢᠶ᠎ᠠ ᠪᠡᠷ ᠰᠡᠳᠦᠪᠯᠡᠬᠦ ᠨᠢ |
Creator |
ᠪᠤᠤ ᠼᠠᠢ ᠰᠢᠶᠠ |
Keyword |
《ᠭᠡᠰᠡᠷ》; ᠵᠢᠷᠢᠮ ᠤᠨ ᠠᠭᠤᠯᠠ ᠤᠰᠤᠨ ᠤ ᠲᠤᠮᠤᠭ ᠶᠠᠷᠢᠶ᠎ᠠ; ᠦᠨᠳᠦᠰᠦᠳᠡᠨ ᠤ ᠰᠤᠶᠤᠯ ᠰᠡᠳᠭᠢᠴᠡ |
Abstract |
《ᠵᠢᠷᠢᠮ ᠤᠨ ᠭᠠᠵᠠᠷ ᠤᠰᠤᠨ ᠤ ᠲᠤᠮᠤᠭ》 ᠭᠡᠬᠦ ᠨᠤᠮ ᠳᠤ ᠲᠡᠭᠦᠪᠦᠷᠢᠯᠡᠭᠳᠡᠨ ᠤᠷᠤᠭᠰᠠᠨ ᠭᠡᠰᠡᠷ ᠲᠠᠢ ᠬᠤᠯᠪᠤᠭᠳᠠᠭᠰᠠᠨ ᠬᠤᠷᠢᠨ ᠨᠢᠭᠡᠨ ᠠᠭᠤᠯᠠ ᠤᠰᠤᠨ ᠤ ᠲᠤᠮᠤᠭ ᠢ ᠨᠠᠷᠢᠪᠴᠢᠯᠠᠨ ᠰᠢᠨᠵᠢᠯᠡᠪᠡᠯ᠂ ᠡᠳᠡᠭᠡᠷ ᠠᠭᠤᠯᠠ ᠤᠰᠤᠨ ᠤ ᠲᠤᠮᠤᠭ ᠶᠠᠷᠢᠶ᠎ᠠ ᠨᠢ ᠪᠠᠢ᠌ᠭᠠᠯᠢ ᠭᠠᠵᠠᠷ ᠵᠦᠢ ᠶᠢᠨ ᠤᠨᠴᠠᠯᠢᠭ ᠪᠠ ᠰᠢᠳᠦᠯᠭᠡ ᠪᠢᠰᠢᠷᠡᠯ ᠤᠨ ᠤᠨᠴᠠᠯᠢᠭ ᠲᠤ ᠬᠤᠯᠪᠤᠭᠳᠠᠭᠤᠯᠤᠨ ᠲᠤᠮᠤᠭᠯᠠᠭᠰᠠᠨ ᠤᠨᠴᠠᠯᠢᠭ ᠲᠠᠢ᠃《ᠭᠡᠰᠡᠷ ᠤᠨ ᠲᠤᠭᠤᠵᠢ》ᠨᠢ ᠲᠦᠪᠡᠳ ᠡᠴᠡ ᠮᠤᠩᠭ᠋ᠤᠯ ᠤᠷᠤᠨ ᠳᠤ ᠤᠯᠠᠮᠵᠢᠯᠠᠭᠳᠠᠨ ᠲᠡᠯᠭᠡᠷᠡᠬᠦ ᠳᠤ ᠪᠠᠨ ᠮᠤᠩᠭ᠋ᠤᠯᠴᠤᠳ ᠤᠨ ᠠᠮᠢᠳᠤᠷᠠᠯ ᠠᠬᠤᠢ᠂ ᠵᠠᠩ ᠵᠠᠩᠰᠢᠯ᠂ ᠰᠤᠶᠤᠯ ᠰᠡᠳᠭᠢᠯᠭᠡᠨ ᠵᠢᠴᠢ ᠭᠤᠣ᠎ᠠ ᠤᠬᠠᠮᠰᠠᠷ ᠰᠢᠩᠭᠡᠵᠦ ᠲᠠᠬᠢᠨ ᠵᠤᠬᠢᠶᠠᠵᠤ ᠪᠦᠳᠦᠭᠡᠭ᠍ᠳᠡᠭᠰᠡᠨ ᠲᠡᠳᠦᠢ ᠦᠭᠡᠢ ᠭᠡᠰᠡᠷ ᠪᠠᠭᠠᠳᠤᠷ ᠨᠢ ᠴᠤ ᠮᠤᠩᠭ᠋ᠤᠯᠴᠤᠳ ᠤᠨ ᠠᠭᠤᠯᠠ ᠤᠰᠤᠨ ᠤ ᠡᠵᠡᠳ ᠰᠠᠬᠢᠭᠤᠰᠤ ᠪᠤᠯᠵᠤ ᠠᠭᠤᠯᠠ ᠤᠰᠤᠨ ᠤ ᠲᠤᠮᠤᠭ ᠶᠠᠷᠢᠶ᠎ᠠ ᠳᠤ ᠠᠮᠢᠯᠠᠭᠰᠠᠨ ᠪᠠᠢ᠌ᠨ᠎ᠠ᠃ ᠭᠡᠰᠡᠷ ᠲᠠᠢ ᠬᠤᠯᠪᠤᠭᠳᠠᠭᠰᠠᠨ ᠵᠢᠷᠢᠮ ᠤᠨ ᠠᠭᠤᠯᠠ ᠤᠰᠤᠨ ᠤ ᠲᠤᠮᠤᠭ ᠶᠠᠷᠢᠶ᠎ᠠ ᠳᠤ ᠪᠠᠭᠠᠳᠤᠷ ᠡᠷ᠎ᠡ ᠶᠢᠨ ᠵᠢᠪᠬᠤᠯᠠᠩᠳᠤ ᠦᠢᠯᠡ ᠬᠡᠷᠡᠭ ᠢ ᠤᠷᠭᠤᠭᠤᠯᠤᠨ ᠪᠤᠰᠬᠠᠵᠤ᠂ ᠦᠨᠳᠦᠰᠦᠳᠡᠨ ᠤ ᠵᠤᠷᠢᠭ ᠰᠠᠨᠠᠭ᠎ᠠ ᠶᠢ ᠡᠴᠢᠨ᠎ᠡ ᠢᠯᠡᠷᠡᠭᠦᠯᠵᠦ᠂ ᠮᠤᠩᠭ᠋ᠤᠯᠴᠤᠳ ᠤᠨ ᠪᠠᠢ᠌ᠭᠠᠯᠢ ᠨᠤᠳᠤᠭ ᠲᠠᠢ ᠪᠠᠨ ᠡᠶᠡᠰᠡᠬᠦ᠂ ᠬᠦᠮᠦᠨ ᠪᠠᠢ᠌ᠭᠠᠯᠢ ᠶᠢᠨ ᠤᠷᠭᠠᠨᠢᠭ ᠬᠤᠯᠪᠤᠭ᠎ᠠ ᠶᠢ ᠦᠵᠡᠭᠦᠯᠵᠡᠢ᠃ |
Original Literature |
View Original Paper
|
出自 |
蒙古学研究
2014年
第3期
|