Paper Information


Title ᠬᠤᠷᠴᠢᠨ ᠤ ᠱᠠᠯᠢᠭ ᠦᠯᠢᠭᠡᠷ ᠤᠨ ᠲᠣᠬᠠᠢ
Creator ᠬᠦᠷᠡᠯᠪᠠᠭᠠᠲᠤᠷ
Keyword ᠬᠤᠷᠴᠢᠨ;ᠱᠠᠯᠢᠭ ᠦᠯᠢᠭᠡᠷ 
Abstract ᠠᠷᠠᠳ ᠤᠨ ᠱᠤᠭ ᠦᠯᠢᠭᠡᠷ ᠲᠦ ᠱᠠᠯᠢᠭ ᠦᠯᠢᠭᠡᠷ ᠭᠡᠵᠦ ᠪᠠᠢᠳᠠᠭ᠃ ᠠᠮᠠᠨ ᠵᠣᠬᠢᠶᠠᠯ ᠤᠨ ᠤᠨᠤᠯ ᠤᠨ ᠨᠣᠮ ᠪᠢᠴᠢ ᠭ ᠪᠣᠶᠣ ᠱᠤᠭ ᠦᠯᠢᠭᠡᠷ ᠤᠨ ᠲᠣᠬᠠᠢ ᠰᠣᠳᠤᠯᠭᠠᠨ ᠤ ᠦᠭᠦᠯᠡᠯ ᠳ᠋ᠤ ᠱᠠᠯᠢᠭ ᠦᠯᠢᠭᠡᠷ ᠤᠨ ᠲᠣᠬᠠᠢ ᠪᠦᠷ ᠯᠡ ᠪᠦᠭᠡᠷᠡᠩᠬᠡᠢ ᠪᠡᠷ ᠭᠡᠳᠦᠨ ᠦᠭᠡ ᠪᠡᠷ ᠬᠤᠷᠢᠶᠠᠩᠭᠤᠢᠯᠠᠵᠤ ᠶᠠᠷᠢᠵᠤ ᠴᠢᠳᠠᠬᠤ ᠡᠴᠡ ᠪᠢᠰᠢ᠂ ᠲᠡᠳᠦᠢᠯᠡ ᠰᠢᠰᠲ᠋ᠸᠮ ᠲᠠᠢ ᠰᠣᠳᠤᠯᠤᠭᠠᠳᠤᠢ ᠪᠠᠢᠭᠰᠠᠭᠠᠷ᠃ ᠱᠤᠭ ᠦᠯᠢᠭᠡᠷ ᠲᠡᠬᠢ ᠱᠠᠯᠢᠭ ᠦᠯᠢᠭᠡᠷ ᠢ ᠪᠦᠭᠡᠷᠡᠩᠬᠡᠢ ᠪᠡᠷ᠂ ᠬᠡᠢᠢᠰᠪᠦᠷᠢ ᠪᠡᠷ ᠤᠢᠯᠠᠭᠠᠭᠰᠠᠭᠠᠷ ᠢᠷᠡᠭᠰᠡᠨ ᠶᠠᠪᠤᠳᠠᠯ ᠨᠢ ᠲᠠᠷᠬᠠᠯᠲᠠ ᠶᠢᠨ ᠬᠡᠪᠴᠢᠶ ᠠ ᠪᠡᠷ ᠦᠷᠭᠡᠨ ᠨᠦᠯᠦᠭᠡ ᠶᠡᠬᠡ ᠲᠠᠢ ᠦᠯᠢᠭᠡᠷ ᠢ ᠡᠮᠬᠢᠳᠭᠡᠨ ᠴᠣᠭᠯᠠᠭᠤᠯᠵᠤ ᠤᠨᠤᠯ ᠤᠨ ᠰᠤᠳᠤᠯᠭᠠᠨ ᠬᠢᠬᠦ ᠠᠵᠢᠯ ᠳ᠋ᠤ ᠰᠠᠭᠠᠳ ᠪᠤᠯᠤᠭᠰᠠᠭᠠᠷ ᠢᠷᠡᠵᠡᠢ᠃ ᠡᠨᠳᠡ ᠪᠢᠳᠡ ᠱᠤᠭ ᠦᠯᠢᠭᠡᠷ ᠢ ᠨᠢᠭᠡᠨ ᠨᠡᠢᠭᠡᠮ ᠤᠨ ᠦᠵᠡᠭᠳᠡᠯ ᠪᠣᠯᠭᠠᠨ ᠦᠵᠡᠵᠦ᠂ ᠲᠡᠭᠦᠨ ᠢ ᠲᠣᠬᠠᠢ ᠶᠢᠨ ᠦᠶ ᠠ ᠶᠢᠨ ᠨᠡᠢᠭᠡᠮ ᠨᠡᠢᠲᠡ ᠶᠢᠨ ᠶᠣᠰᠤ ᠮᠣᠷᠠᠯ᠂ ᠬᠡᠪ ᠵᠠᠩᠰᠢᠯ ᠲᠠᠢ ᠬᠤᠯᠪᠤᠭᠳᠠᠭᠤᠯᠤᠨ ᠰᠣᠳᠤᠯᠵᠤ᠂ ᠲᠡᠷᠡ ᠨᠢ ᠶᠠᠮᠠᠷ ᠬᠡᠷᠡᠭᠴᠡᠭᠡ ᠡᠴᠡ ᠪᠤᠢ ᠪᠣᠯᠵᠤ᠂ ᠶᠠᠮᠠᠷ ᠡᠭᠦᠷᠭᠡ ᠵᠢ ᠬᠦᠢᠴᠡᠳᠭᠡᠵᠦ᠂ ᠶᠠᠨᠠᠷ ᠦᠢᠯᠡᠳᠦᠯ ᠭᠠᠷᠠᠭᠠᠵᠤ ᠪᠠᠢᠭᠰᠠᠨ ᠵᠡᠷᠭᠡ ᠠᠰᠠᠭᠤᠳᠠᠯ ᠢ ᠰᠢᠨᠵᠢᠯᠡᠬᠦ ᠵᠢ ᠵᠣᠷᠢᠪᠠ᠃
Original Literature No Original Paper
出自 内蒙古师范大学学报 1988年 第3期

联系我们


内蒙古大学图书馆
呼和浩特市大学西路235号
中国·内蒙古
P: (0471) 4992561
E: huangfeilong@imu.edu.cn