Title |
ᠳᠡᠭᠡᠲᠦ ᠰᠤᠷᠭᠠᠭᠤᠯᠢ ᠵᠢᠨ ᠡᠷᠳᠡᠮ ᠰᠢᠨᠵᠢᠯᠡᠭᠡᠨ ᠤ ᠰᠡᠳᠭᠦᠯ ᠤᠨ ᠡᠩᠨᠡᠭᠡ ᠵᠢᠨ ᠴᠣᠭᠴᠠᠯᠠᠯᠲᠠ |
Creator |
ᠮ·ᠲᠣᠭᠲᠠᠬᠤ |
Keyword |
ᠡᠷᠳᠡᠮ ᠰᠢᠨᠵᠢᠯᠡᠭᠡᠨ ᠤ ᠰᠡᠳᠭᠦᠯ; ᠵᠣᠬᠢᠶᠠᠭᠴᠢ ᠵᠢᠨ ᠡᠩᠨᠡᠭᠡ; ᠡᠬᠡ ᠪᠢᠴᠢᠭ᠌ ᠬᠢᠨᠠᠬᠤ ᠡᠩᠨᠡᠭᠡ; ᠣᠩᠰᠢᠭᠴᠢ ᠵᠢᠨ ᠡᠩᠨᠡᠭᠡ; ᠨᠠᠶᠢᠷᠠᠭᠤᠯᠤᠭᠴᠢ ᠵᠢᠨ ᠡᠩᠨᠡᠭᠡ |
Abstract |
ᠳᠡᠭᠡᠲᠦ ᠰᠤᠷᠭᠠᠭᠤᠯᠢ ᠵᠢᠨ ᠡᠷᠳᠡᠮ ᠰᠢᠨᠵᠢᠯᠡᠭᠡᠨ ᠤ ᠰᠡᠳᠭᠦᠯ ᠢ ᠰᠠᠶᠢᠲᠤᠷ ᠡᠷᠬᠢᠯᠡᠬᠦ ᠳᠤ ᠡᠷᠬᠡᠪᠰᠢ ᠬᠡᠪ ᠴᠢᠨᠠᠷ ᠵᠢᠡᠷ ᠦᠨᠳᠦᠰᠷ ᠡᠷᠳᠡᠮ ᠰᠢᠨᠵᠢᠯᠡᠭᠡᠨ ᠤ ᠰᠡᠳᠭᠦᠯ ᠤᠨ ᠡᠩᠨᠡᠭᠡ ᠵᠢ ᠪᠠᠶᠢᠭᠤᠯᠬᠤ ᠬᠡᠷᠡᠭᠲᠡᠢ᠃ ᠡᠷᠳᠡᠮ ᠰᠢᠨᠵᠢᠯᠡᠭᠡᠨ ᠤ ᠰᠡᠳᠭᠦᠯ ᠤᠨ ᠡᠩᠨᠡᠭᠡ ᠭᠡᠪᠡᠯ ᠭᠠᠭᠴᠠ ᠨᠠᠶᠢᠷᠠᠭᠤᠯᠤᠭᠴᠢ ᠵᠢᠨ ᠡᠩᠨᠡᠭᠡ ᠵᠢ ᠯᠡ ᠬᠡᠯᠡᠬᠦ ᠪᠢᠰᠢ᠂ ᠪᠠᠰᠠ ᠵᠣᠬᠢᠶᠠᠭᠴᠢ ᠵᠢᠨ ᠡᠩᠨᠡᠭᠡ᠂ ᠡᠬᠡ ᠪᠢᠴᠢᠭ᠌ ᠬᠢᠨᠠᠬᠤ ᠪᠣᠯᠤᠨ ᠣᠩᠰᠢᠭᠴᠢ ᠵᠢᠨ ᠡᠩᠨᠡᠭᠡ ᠵᠢ ᠬᠠᠮᠤᠷᠳᠠᠭ᠃ ᠡᠨᠡ ᠬᠦ ᠳᠦᠷᠪᠡᠨ ᠰᠠᠯᠠᠭ᠋ ᠠ ᠨᠢ ᠰᠡᠳᠭᠦᠯ ᠤᠨ ᠪᠦᠬᠦᠯᠢ ᠴᠣᠭᠴᠠ ᠵᠢᠨ ᠬᠦᠴᠦᠨ ᠮᠦᠨ᠃ ᠨᠢᠭᠡᠨ ᠪᠦᠯᠦᠭ ᠰᠤᠷᠤᠯᠭ᠋ ᠠ ᠮᠡᠳᠡᠯᠭᠡ ᠬᠣᠣᠰᠯᠠᠭᠰᠠᠨ ᠠᠮᠵᠢᠯᠲᠠ ᠪᠦᠲᠦᠭᠡᠯ ᠲᠠᠢ ᠵᠣᠬᠢᠶᠠᠭᠴᠢ ᠵᠢᠨ ᠡᠩᠨᠡᠭᠡ ᠵᠢ ᠬᠦᠮᠦᠵᠢᠭᠦᠯᠬᠦ ᠨᠢ᠂ ᠡᠷᠳᠡᠮ ᠰᠢᠨᠵᠢᠯᠡᠭᠡᠨ ᠤ ᠰᠡᠳᠭᠦᠯ ᠢ ᠦᠨᠳᠦᠷ ᠲᠦᠪᠰᠢᠨ ᠲᠠᠢ ᠡᠷᠬᠢᠯᠡᠬᠦ ᠵᠢᠨ ᠤᠷᠢᠳᠴᠢᠯᠠᠭᠰᠠᠨ ᠨᠦᠭᠦᠴᠡᠯ ᠪᠣᠯᠬᠤ; ᠨᠢᠭᠡᠨ ᠰᠠᠯᠠᠭ᠋ ᠠ ᠦᠵᠡᠯ ᠰᠠᠨᠠᠭ
ᠠ ᠦᠵᠡᠯ ᠰᠠᠨᠠᠭ᠋ ᠠ ᠰᠣᠶᠤᠯ ᠤᠨ ᠬᠡᠪ ᠴᠢᠨᠠᠷ ᠵᠢᠡᠷ ᠦᠨᠳᠦᠷ ᠡᠬᠡ ᠪᠢᠴᠢᠭ᠌ ᠬᠢᠨᠠᠬᠤ ᠡᠩᠨᠡᠭᠡ ᠵᠢ ᠪᠠᠶᠢᠭᠤᠯᠬᠤ ᠪᠣᠯ᠂ ᠡᠷᠳᠡᠮ ᠰᠢᠨᠵᠢᠯᠡᠭᠡᠨ ᠤ ᠰᠡᠳᠭᠦᠯ ᠤᠨ ᠴᠢᠨᠠᠷ ᠴᠢᠨᠰᠠᠭ᠋ ᠠ ᠵᠢ ᠳᠡᠭᠡᠭᠰᠢᠯᠡᠭᠦᠯᠬᠦ ᠵᠢᠨ ᠨᠠᠶᠢᠳᠠᠪᠤᠷᠢᠲᠠᠢ ᠪᠠᠲᠤᠯᠠᠭ᠋ ᠠ ᠪᠣᠯᠬᠤ; ᠨᠢᠭᠡᠨ ᠰᠠᠯᠠᠭ᠋ ᠠ ᠬᠤᠷᠴᠠ ᠰᠢᠯᠢᠳᠡᠭ ᠡᠷᠳᠡᠮ ᠰᠣᠶᠤᠯ ᠵᠢᠡᠷ ᠵᠡᠪᠰᠡᠭᠯᠡᠭᠰᠡᠨ ᠣᠩᠰᠢᠭᠴᠢ ᠵᠢᠨ ᠡᠩᠨᠡᠭᠡ ᠵᠢ ᠪᠣᠢ ᠪᠣᠯᠭᠠᠬᠤ ᠨᠢ᠂ ᠡᠷᠳᠡᠮ ᠰᠢᠨᠵᠢᠯᠡᠭᠡᠨ ᠤ ᠰᠡᠳᠭᠦᠯ ᠢ ᠰᠢᠨᠵᠢᠯᠡᠬᠦ ᠤᠬᠠᠭᠠᠨ ᠤ ᠠᠴᠢᠶᠠᠯᠠᠭᠴᠢ ᠪᠣᠯᠭᠠᠬᠤ ᠵᠢᠨ ᠬᠤᠰᠢᠭᠤᠴᠢ ᠬᠦᠴᠦᠨ ᠪᠣᠯᠬᠤ; ᠨᠢᠭᠡᠨ ᠰᠠᠯᠠᠭ᠋ ᠠ ᠲᠣᠬᠠᠶᠢᠯᠠᠭᠰᠠᠨ ᠠᠵᠢᠯ ᠳᠠᠭᠠᠨ ᠴᠠᠭᠠᠷᠠᠭᠰᠠᠨ ᠨᠠᠶᠢᠷᠠᠭᠤᠯᠤᠭᠴᠢ ᠵᠢᠨ ᠡᠩᠨᠡᠭᠡ ᠵᠢ ᠪᠣᠯᠪᠠᠰᠤᠷᠠᠭᠤᠯᠬᠤ ᠨᠢ᠂ ᠡᠷᠳᠡᠮ ᠰᠢᠨᠵᠢᠯᠡᠭᠡᠨ ᠤ ᠰᠡᠳᠭᠦᠯ ᠢ ᠴᠢᠨᠠᠷ ᠰᠠᠶᠢᠲᠠᠢ ᠡᠷᠬᠢᠯᠡᠬᠦ ᠵᠢᠨ ᠵᠠᠩᠭᠢᠯᠭ᠋ ᠠ ᠪᠣᠯᠤᠨ᠌ ᠠ᠃
|
Original Literature |
View Original Paper
|
出自 |
内蒙古民族大学学报(社会科学)
2006年
第1期
|