Title |
ᠭᠡᠷᠡᠯᠴᠤᠭᠲᠤ ᠶᠢᠨ ᠲᠤᠭᠤᠵᠢᠰ ᠤᠨ ᠵᠤᠬᠢᠶᠠᠯ ᠤᠨ ᠤᠷᠠᠨ ᠳᠦᠷᠢ ᠶᠢ ᠳᠠᠬᠢᠨ ᠰᠢᠨᠵᠢᠯᠡᠬᠦ ᠨᠢ |
Creator |
ᠲᠢᠶᠠᠨ ᠯᠢ |
Keyword |
ᠭᠡᠷᠡᠯᠴᠤᠭᠲᠤ; ᠰᠢᠨ᠎ᠡ ᠬᠦᠮᠦᠨ ᠦ ᠳᠦᠷᠢ; ᠡᠷᠡᠮᠳᠡᠭ ᠳᠦᠷᠢ; ᠰᠡᠭᠡᠭᠡᠷᠡᠭᠰᠡᠨ ᠬᠦᠮᠦᠰ ᠦᠨ ᠳᠦᠷᠢ; ᠳᠠᠢ᠌ᠴᠢᠯᠠᠭᠴᠢ ᠶᠢᠨ ᠳᠦᠷᠢ |
Abstract |
ᠳᠦᠷᠢ ᠨᠢ ᠲᠤᠭᠤᠵᠢᠰ ᠤᠨ ᠵᠤᠬᠢᠶᠠᠯ ᠤᠨ ᠭᠤᠷᠪᠠᠨ ᠡᠯᠧᠮᠧᠨ᠋ᠲ — ᠵᠤᠬᠢᠶᠠᠯ ᠤᠨ ᠪᠠᠭᠠᠲᠤᠷ᠂ ᠦᠢᠯᠡ ᠶᠠᠪᠤᠳᠠᠯ᠂ ᠣᠷᠴᠢᠨ ᠲᠤᠭᠤᠷᠢᠨ ᠤ ᠨᠢᠭᠡ ᠪᠤᠯᠤᠭᠰᠠᠨ ᠤ ᠬᠤᠪᠢ ᠳᠤ ᠲᠤᠭᠤᠵᠢᠰ ᠤᠨ ᠵᠤᠬᠢᠶᠠᠯ ᠰᠤᠳᠤᠯᠬᠤ ᠳᠤ ᠳᠦᠷᠢ ᠶᠢ ᠰᠤᠳᠤᠯᠬᠤ ᠨᠢ ᠵᠠᠢ᠌ᠯᠠᠰᠢ ᠦᠭᠡᠢ᠃ ᠭᠡᠷᠡᠯᠴᠤᠭᠲᠤ ᠶᠢᠨ ᠲᠤᠭᠤᠵᠢᠰ ᠤᠨ ᠵᠤᠬᠢᠶᠠᠯ ᠳᠤ ᠣᠯᠠᠨ ᠲᠦᠷᠦᠯ ᠦᠨ ᠳᠦᠷᠢ ᠨᠦᠬᠦᠳ ᠢ ᠪᠦᠲᠦᠭᠡᠭ᠍ᠰᠡᠨ ᠪᠠᠢ᠌ᠳᠠᠭ᠃ ᠲᠡᠳᠡᠭᠡᠷ ᠳᠦᠷᠢ ᠨᠦᠬᠦᠳ ᠨᠢ ᠬᠦᠮᠦᠰ ᠦᠨ ᠲᠠᠷᠢᠬᠢᠨ ᠳᠤ ᠦᠯᠡᠳᠡᠵᠦ ᠳᠡᠢ᠌ᠯᠦᠭᠰᠡᠨ ᠦ ᠭᠤᠤᠯ ᠰᠢᠯᠲᠠᠭᠠᠨ ᠭᠡᠪᠡᠯ ᠪᠦᠷ ᠦᠪᠡᠷ ᠦᠪᠡᠷ ᠦᠨ ᠣᠨᠴᠠᠯᠢᠭ ᠬᠢᠭᠡᠳ ᠴᠠᠭ ᠦᠶ᠎ᠡ ᠪᠡᠨ ᠬᠠᠷᠠᠭᠤᠯᠤᠭᠰᠠᠨ ᠤᠳᠬ᠎ᠠ ᠰᠠᠨᠠᠭᠠᠨ ᠤ ᠠᠭᠤᠯᠤᠭᠳᠠᠬᠤᠨ ᠲᠠᠢ ᠪᠠᠢ᠌ᠳᠠᠭ ᠠᠴᠠ ᠪᠤᠯᠤᠭᠰᠠᠨ ᠪᠠᠢ᠌ᠨ᠎ᠠ᠃ 《ᠠᠷᠪᠠᠨ ᠳᠤᠯᠤᠭᠠᠨ ᠵᠢᠯ ᠤᠨ ᠲᠤᠭᠤᠵᠢᠰ》ᠲᠤ ᠠᠪᠴᠤ ᠬᠡᠯᠡᠭᠰᠡᠨ ᠴᠦ ᠲᠡᠳᠡᠭᠡᠷ ᠳᠦᠷᠢ ᠨᠦᠬᠦᠳ ᠨᠢ ᠪᠦᠷ ᠦᠪᠡᠷ ᠦᠪᠡᠷ ᠦᠨ ᠦᠪᠡᠷᠮᠢᠴᠡ ᠣᠨᠴᠠᠯᠢᠭ ᠲᠠᠢ ᠮᠦᠷᠲᠡᠭᠡᠨ ᠲᠤᠬᠠᠢ ᠶᠢᠨ ᠴᠠᠭ ᠦᠶ᠎ᠡ ᠶᠢᠨ ᠨᠢᠭᠡ ᠪᠦᠯᠦᠭ ᠬᠦᠮᠦᠰ ᠦᠨ ᠨᠡᠢ᠌ᠲᠡᠯᠢᠭ ᠵᠠᠩ ᠴᠢᠨᠠᠷ ᠢ ᠬᠠᠷᠠᠭᠤᠯᠵᠤ ᠴᠢᠳᠠᠭᠰᠠᠨ ᠪᠠᠢ᠌ᠨ᠎ᠠ᠃ ᠭᠡᠷᠡᠯᠴᠤᠭᠲᠤ ᠶᠢᠨ ᠲᠤᠭᠤᠵᠢᠰ ᠤᠨ ᠵᠤᠬᠢᠶᠠᠯ ᠳᠠᠬᠢ ᠳᠦᠷᠢ ᠶᠢ ᠰᠢᠨ᠎ᠡ ᠬᠦᠮᠦᠨ ᠦ ᠳᠦᠷᠢ᠂ ᠡᠷᠡᠮᠳᠡᠭ ᠬᠦᠮᠦᠨ ᠦ ᠳᠦᠷᠢ᠂ ᠰᠡᠭᠡᠭᠡᠷᠡᠭᠰᠡᠨ ᠬᠦᠮᠦᠰ ᠦᠨ ᠳᠦᠷᠢ᠂ ᠳᠠᠢ᠌ᠴᠢᠯᠠᠭᠴᠢ ᠶᠢᠨ ᠳᠦᠷᠢ ᠭᠡᠬᠦ ᠮᠡᠲᠦ ᠪᠡᠷ ᠠᠩᠭᠢᠯᠠᠵᠤ ᠪᠤᠯᠤᠨ᠎ᠠ᠃ |
Original Literature |
View Original Paper
|
出自 |
中国蒙古学
2013年
第2期
|