Title |
ᠠᠨᠳᠠᠢ ᠬᠢᠭᠡᠳ ᠡᠮᠡᠭᠲᠡᠢᠴᠦᠳ ᠦᠨ ᠲᠤᠬᠠᠢ ᠦᠭᠦᠯᠡᠬᠦ ᠨᠢ |
Creator |
ᠰᠠᠷᠠᠭᠤᠯ |
Keyword |
ᠠᠨᠳᠠᠢ ᠡᠪᠡᠳᠴᠢᠨ; ᠡᠮᠡᠭᠲᠡᠢ; ᠠᠮᠢᠳᠤ ᠪᠤᠳᠠᠰ ᠤᠨ ᠬᠠᠯᠳᠠᠪᠤᠷᠢᠯᠠᠮᠠᠳᠠᠭᠠᠢ ᠴᠢᠨᠠᠷ; ᠨᠡᠢᠭᠡᠮ ᠦᠨ ᠬᠠᠯᠳᠠᠪᠤᠷᠢᠯᠠᠮᠠᠳᠠᠭᠠᠢ ᠴᠢᠨᠠᠷ |
Abstract |
ᠠᠨᠳᠠᠢ ᠮᠡᠳᠡᠷᠡᠯ ᠦᠨ ᠡᠪᠡᠳᠴᠢᠨ ᠨᠢ ᠭᠠᠭᠴᠠ ᠬᠦ ᠡᠮᠡᠭᠲᠡᠢ ᠬᠦᠮᠦᠨ ᠳᠦ ᠲᠤᠬᠢᠶᠠᠯᠳᠤᠳᠠᠭ ᠨᠢ ᠡᠮᠡᠭᠲᠡᠢ ᠬᠦᠮᠦᠨ ᠦ ᠹᠢᠽᠢᠤᠯᠤᠬᠢ ᠶᠢᠨ ᠠᠮᠢᠳᠤ ᠪᠤᠳᠠᠰ ᠤᠨ ᠬᠠᠯᠳᠠᠪᠤᠷᠢᠯᠠᠮᠠᠳᠠᠭᠠᠢ ᠴᠢᠨᠠᠷ ᠲᠠᠢ ᠬᠤᠯᠪᠤᠭᠳᠠᠬᠤ ᠮᠦᠷᠲᠡᠭᠡᠨ ᠨᠡᠢᠭᠡᠮ ᠦᠨ ᠬᠠᠯᠳᠠᠪᠤᠷᠢᠯᠠᠮᠠᠳᠠᠭᠠᠢ ᠴᠢᠨᠠᠷ᠂ ᠳᠠᠷᠤᠢ ᠡᠴᠢᠬᠡ ᠶᠢᠨ ᠡᠷᠬᠡᠲᠦ ᠹᠧᠤᠳᠠᠯ ᠤᠨ ᠪᠠᠢᠭᠤᠯᠤᠯ ᠤᠨ ᠨᠡᠢᠭᠡᠮ ᠳᠡᠬᠢ ᠡᠮᠡᠭᠲᠡᠢᠴᠦᠳ ᠦᠨ ᠪᠠᠢᠷᠢ ᠰᠠᠭᠤᠷᠢ᠂ ᠡᠷᠬᠡ ᠬᠦᠴᠦᠨ᠂ ᠠᠵᠢᠯ ᠡᠭᠦᠷᠭᠡ ᠶᠢᠨ ᠲᠡᠭᠰᠢ ᠪᠤᠰᠤ ᠲᠠᠢ ᠬᠤᠯᠪᠤᠭᠳᠠᠨ᠎ᠠ᠃ ᠡᠮᠡᠭᠲᠡᠢ ᠬᠦᠮᠦᠨ ᠦ ᠹᠢᠽᠢᠤᠯᠤᠬᠢ᠂ ᠪᠡᠶ᠎ᠡ ᠪᠦᠲᠦᠴᠡ ᠶᠢᠨ ᠣᠨᠴᠠᠯᠢᠭ ᠨᠢ ᠡᠷᠡᠭᠲᠡᠢ ᠬᠦᠮᠦᠨ ᠲᠡᠢ ᠬᠠᠷᠢᠴᠠᠭᠤᠯᠪᠠᠯ᠂ ᠬᠦᠢᠲᠡᠨ ᠳᠡᠢᠯᠦᠩᠭᠦᠢ ᠪᠠᠢᠵᠤ᠂ ᠪᠢᠯᠢᠭ ᠴᠢᠨᠠᠷ ᠲᠠᠢ ᠪᠠᠢᠳᠠᠭ ᠤᠴᠢᠷ ᠬᠦᠢᠲᠡᠨ᠂ ᠪᠢᠯᠢᠭ ᠴᠢᠨᠠᠷ ᠳᠡᠢᠯᠦᠩᠭᠦᠢ ᠪᠠᠢᠳᠠᠭ ᠠᠨᠳᠠᠢ ᠡᠪᠡᠳᠴᠢᠨ ᠳᠦ ᠨᠡᠷᠪᠡᠭᠳᠡᠳᠡᠭ ᠪᠤᠯᠤᠯᠴᠠᠭ᠎ᠠ ᠲᠠᠢ᠃ ᠹᠧᠤᠳᠠᠯ ᠤᠨ ᠪᠠᠢᠭᠤᠯᠤᠯ ᠳᠠᠬᠢ ᠡᠮᠡᠭᠲᠡᠢᠴᠦᠳ ᠦᠨ ᠪᠠᠢᠷᠢ ᠰᠠᠭᠤᠷᠢ ᠳᠤᠤᠷ᠎ᠠ᠂ ᠠᠯᠪᠠᠳᠠᠯᠭ᠎ᠠ ᠶᠢᠨ ᠴᠢᠨᠠᠷ ᠲᠠᠢ ᠤᠷᠤᠭ ᠪᠠᠷᠢᠯᠳᠤᠯᠭ᠎ᠠ ᠵᠡᠷᠭᠡ ᠨᠢ ᠡᠮᠡᠭᠲᠡᠢᠴᠦᠳ ᠦᠨ ᠪᠡᠶ᠎ᠡ ᠰᠡᠳᠬᠢᠯ ᠦᠨ ᠡᠷᠡᠭᠦᠯ ᠡᠩᠬᠡ ᠶᠢ ᠨᠦᠯᠦᠭᠡᠯᠡᠳᠡᠭ ᠨᠢ ᠨᠡᠢᠭᠡᠮ ᠦᠨ ᠬᠠᠯᠳᠠᠪᠤᠷᠢᠯᠠᠮᠠᠳᠠᠭᠠᠢ ᠴᠢᠨᠠᠷ ᠪᠤᠯᠤᠨ᠎ᠠ᠃ |
Original Literature |
View Original Paper
|
出自 |
中国蒙古学
2016年
第3期
|