Title |
ᠮᠤᠩᠭᠤᠯ ᠬᠡᠯᠡᠨ ᠦ ᠬᠠᠭᠠᠰ ᠡᠭᠡᠰᠢᠭ᠌ ᠦᠨ ᠲᠤᠷᠰᠢᠯᠲᠠ ᠶᠢᠨ ᠠᠪᠢᠶ᠎ᠠ ᠵᠦᠢ ᠶᠢᠨ ᠰᠤᠳᠤᠯᠤᠯ |
Creator |
ᠳᠡᠯᠭᠡᠷᠭᠦᠦ |
Keyword |
ᠬᠠᠭᠠᠰ ᠡᠭᠡᠰᠢᠭ᠌; EPG ᠠᠷᠭ᠎ᠠ; ᠠᠪᠢᠶᠠᠯᠠᠬᠤ ᠤᠨᠴᠠᠯᠢᠭ; ᠠᠪᠢᠶᠠᠯᠠᠬᠤ ᠶᠠᠪᠤᠴᠠ |
Abstract |
ᠮᠤᠨᠭᠭᠤᠯ ᠬᠡᠯᠡᠨ ᠦ ᠬᠠᠭᠠᠰ ᠡᠭᠡᠰᠢᠭ᠌ ᠦᠨ ᠰᠢᠨᠵᠢ ᠲᠡᠢ [j]᠂[w]᠋ ᠶᠢ ᠡᠷᠳᠡᠮᠲᠡᠳ ᠶᠠᠩᠵᠤ ᠶᠠᠩᠵᠤ ᠪᠠᠷ ᠰᠤᠳᠤᠯᠵᠤ ᠦᠩᠭᠡᠷᠡᠪᠡ᠃ ᠡᠨᠳᠡ ᠲᠡᠳᠡᠭᠡᠷ ᠡᠷᠳᠡᠮᠲᠡᠳ ᠦᠨ ᠰᠤᠳᠤᠯᠭᠠᠨ ᠤ ᠰᠠᠭᠤᠷᠢ ᠳᠡᠭᠡᠷ᠎ᠡ᠂ [j]᠂[w]᠋ ᠤᠨ ᠠᠪᠢᠶᠠᠯᠠᠭᠳᠠᠬᠤ ᠤᠨᠴᠠᠯᠢᠭ᠂ ᠠᠪᠢᠶᠠᠯᠠᠭᠳᠠᠬᠤ ᠶᠠᠪᠤᠴᠠ ᠶᠢ ᠲᠤᠳᠤᠯᠠᠨ ᠭᠠᠷᠭᠠᠵᠤ ᠪᠤᠯᠵᠤ ᠪᠠᠶᠢᠭ᠎ᠠ᠃ ᠡᠷᠳᠡᠮᠲᠡᠳ ᠦᠨ ᠰᠤᠳᠤᠯᠭᠠᠨ ᠤ ᠲᠤᠷᠰᠢᠯᠲᠠ ᠶᠢᠨ ᠦᠷ᠎ᠡ ᠳ᠋ᠦᠩ᠋ ᠳᠤ [j] ᠭᠡᠬᠦ ᠬᠠᠭᠠᠰ ᠡᠭᠡᠰᠢᠭ᠌ ᠦᠨ ᠠᠪᠢᠶᠠᠯᠠᠭᠳᠠᠬᠤ ᠤᠨᠴᠠᠯᠢᠭ ᠨᠢ ᠬᠠᠲᠠᠭᠤ ᠲᠠᠩᠨᠠᠢ᠂ ᠱᠦᠷᠭᠦᠬᠦ ᠡᠭᠡᠰᠢᠭ᠌ ᠲᠡᠢ ᠠᠳᠠᠯᠢ ᠲᠤᠳᠤᠷᠬᠠᠢ ᠳᠠᠪᠳᠠᠮᠵᠢ ᠶᠢᠨ ᠮᠦᠷ ᠲᠡᠢ᠂ ᠬᠠᠭᠠᠰ ᠡᠭᠡᠰᠢᠭ᠌ ᠪᠤᠯᠬᠤ ᠪᠦᠭᠡᠳ [w]᠋ ᠶᠢᠨ ᠠᠪᠢᠶᠠᠯᠠᠬᠤ ᠪᠠᠶᠢᠷᠢ ᠨᠢ ᠬᠠᠲᠠᠭᠤ ᠲᠠᠩᠨᠠᠢ ᠶᠢᠨ ᠬᠤᠪᠢ ᠳᠤ ᠪᠠᠶᠢᠬᠤ ᠡᠭᠡᠰᠢᠭ᠌ ᠪᠤᠯᠤᠨ᠎ᠠ᠃ ᠬᠠᠷᠢᠨ ᠲᠠᠩᠨᠠᠢ ᠶᠢᠨ ᠵᠢᠷᠤᠭ ᠳᠡᠭᠡᠷ᠎ᠡ ᠬᠤᠶᠢᠨ᠎ᠠ ᠨᠢ ᠡᠭᠡᠰᠢᠭ᠌ ᠤᠷᠤᠬᠤ ᠳᠤ [w]᠋ ᠤᠨ ᠬᠡᠯᠡ ᠲᠠᠩᠨᠠᠢ ᠶᠢᠨ ᠬᠦᠷᠦᠯᠴᠡᠬᠦ ᠲᠠᠯᠠᠪᠠᠢ ᠶᠢᠨ RCA ᠬᠡᠮᠵᠢᠭᠳᠡᠯ ᠨᠡᠯᠢᠶᠡᠳ ᠲᠤᠭᠲᠠᠪᠤᠷᠢᠲᠠᠢ᠂ ᠵᠦᠪᠬᠡᠨ ᠬᠤᠶᠢᠨ᠎ᠠ ᠤᠷᠤᠬᠤ ᠨᠢ ᠱᠦᠷᠭᠦᠬᠦ ᠤᠨᠴᠠᠯᠢᠭ ᠲᠠᠢ ᠪᠤᠶᠤ ᠬᠡᠯᠡᠨ ᠦ ᠤᠷᠳᠤᠭᠤᠷᠬᠢ ᠭᠡᠶᠢᠭᠦᠯᠦᠭᠴᠢ ᠪᠠᠶᠢᠬᠤ ᠦᠶᠡᠰ ᠬᠡᠯᠡ ᠲᠠᠩᠨᠠᠢ ᠶᠢᠨ ᠬᠦᠷᠦᠯᠴᠡᠬᠦ ᠬᠡᠮᠵᠢᠶ᠎ᠡ ᠰᠠᠶᠢ ᠪᠠᠭ᠎ᠠ ᠠᠴᠠ ᠶᠡᠬᠡ ᠪᠤᠯᠬᠤ ᠬᠤᠪᠢᠷᠠᠯᠲᠠ ᠲᠠᠢ ᠪᠠᠶᠢᠳᠠᠭ᠃ |
Original Literature |
View Original Paper
|
出自 |
中国蒙古学
2010年
第5期
|