Paper Information


Title ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ ᠪᠡᠷ ᠮᠤᠩ᠌ᠭᠤᠯ ᠡᠮ ᠠᠷᠤᠷ᠎ᠠ — 7 ᠳ᠋ᠡᠬᠢ ᠬᠤᠤᠵᠤᠤ ᠶᠢᠨ ᠱᠦᠯᠳᠤ ᠶᠢᠨ ᠠᠭᠤᠯᠤᠭᠳᠠᠴᠠ ᠵᠢ ᠬᠡᠮᠵᠢᠭᠰᠡᠨ ᠨᠢ
Creator ᠪᠠᠭᠠᠨ᠎ᠠ; ᠭᠤᠤ ᠢᠦᠢ ᠹᠸᠩ
Keyword ᠠᠷᠤᠷ᠎ᠠ — 7;ᠬᠤᠤᠵᠤᠤ ᠶᠢᠨ ᠱᠦᠯᠳᠤ ;ᠠᠭᠤᠯᠤᠭᠳᠠᠴᠠ ᠶᠢᠨ ᠬᠡᠮᠵᠢᠯᠳᠡ;ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ
Abstract ᠰᠢᠩᠭᠡᠨ ᠲᠦᠯᠦᠪᠳᠡ ᠦᠩᠭᠡ ᠶᠢᠨ ᠵᠠᠭᠰᠠᠯ (HPLC)᠋‍ᠤᠨ ᠠᠷᠭ᠎ᠠ ᠪᠡᠷ ᠮᠤᠩ᠌ᠭᠤᠯ ᠡᠮ ᠠᠷᠤᠷ᠎ᠠ — 7ᠳ᠋ᠡᠬᠢ ᠬᠤᠤᠵᠤᠤ ᠶᠢᠨ ᠱᠦᠯᠳᠤ ᠶᠢᠨ ᠠᠭᠤᠯᠤᠭᠳᠠᠴᠠ ᠵᠢ ᠬᠡᠮᠵᠢᠪᠡ᠃ ᠡᠬᠦᠨ ᠳᠤ ᠬᠡᠷᠡᠭᠯᠡᠭᠰᠡᠨ ᠦᠩᠭᠡ ᠶᠢᠨ ᠵᠢ᠍ᠭᠰᠠᠯ ᠤᠨ ᠪᠠᠭᠠᠨ᠎ᠠ ᠨᠢ VP-ODS(150L*4.6), ᠪᠠᠭᠠᠨ᠎ᠠ ᠶᠢᠨ ᠳᠤᠯᠠᠭᠠᠴᠠ ᠨᠢ ᠭᠡᠷ ᠤᠨ ᠳᠤᠯᠠᠭᠠᠨ᠂ ᠰᠢᠯᠭᠠᠨ ᠬᠡᠮᠵᠢᠬᠦ ᠳᠤᠯᠬᠢᠶᠠᠨ ᠤ ᠤᠷᠳᠤ ᠨᠢ 343mn᠃ ᠤᠷᠤᠰᠬᠠᠬᠤ ᠬᠤᠷᠳᠤᠴᠠ ᠨᠢ 0.5ml/min᠂ ᠤᠷᠤᠰᠬᠠᠯ ᠤᠨ ᠹᠠᠰ ᠨᠢ ᠮᠸᠲ᠋ᠢᠯ ᠠᠯᠺᠥᠯ᠄ ᠤᠰᠤ(77᠄23)ᠪᠤᠯᠤᠨ᠎ᠠ᠃ ᠬᠡᠮᠵᠢᠯᠳᠡ ᠶᠢᠨ ᠳ᠋ᠩ ᠳᠤ ᠂ ᠬᠤᠤᠵᠤᠤ ᠶᠢᠨ ᠱᠦᠯᠳᠤ ᠶᠢᠨ ᠦᠯᠢᠭᠡᠷ ᠦᠢᠯᠡᠳᠭᠦᠨ ᠢ ᠤᠷᠤᠭᠤᠯᠬᠤ ᠬᠡᠮᠵᠢᠶ᠎ᠠ ᠨᠢ 0.02~0.10µg᠋᠋‍ ᠋‍ᠤᠨ ᠦᠶᠡᠰ᠂ ᠤᠷᠬᠢᠯ ᠤᠨ ᠳᠠᠯᠠᠪᠡᠢ ᠲᠠᠢ ᠪᠡᠨ ᠮᠠᠰᠢ ᠰᠠᠢ᠌ᠨ ᠱᠤᠭᠤᠮᠯᠢᠭ ᠬᠠᠷᠢᠴᠠᠭ᠎ᠠ ᠲᠠᠢ (r=0.9997) ᠪᠠᠢ᠌ᠵᠤ᠂ ᠠᠷᠤᠷ᠎ᠠ — 7 ᠳ᠋ᠢᠬᠢ ᠬᠤᠤᠵᠤᠤ ᠶᠢᠨ ᠱᠦᠯᠳᠤ ᠶᠢᠨ ᠳᠤᠮᠳᠠᠴᠢ ᠠᠭᠤᠯᠤᠭᠳᠠᠴᠠ ᠨᠢ 3.84µg/mg᠂VC(%)=1.51 ᠪᠤᠢ᠃ ᠦᠯᠢᠭᠡᠷ ᠨᠠᠮᠠᠵᠤ ᠪᠤᠴᠠᠭᠠᠨ ᠠᠪᠬᠤ ᠳᠤᠷᠰᠢᠯᠳᠠ ᠶᠢᠨ ᠳ᠋ᠦᠩ ᠳᠤ ᠤᠯᠤᠭᠰᠠᠨ ᠳᠤᠮᠳᠠᠴᠢ ᠪᠤᠴᠠᠭᠠᠮᠵᠢ ᠨᠢ 97.4%᠂ CV(%)=1.52 ᠪᠤᠢ᠃ ᠳᠤᠷᠰᠢᠯᠳ ᠶᠢᠨ ᠳ᠋ᠦᠩ ᠤᠨ ᠬᠠᠷᠠᠭᠤᠯᠤᠭᠰᠠᠨ ᠶᠢᠨᠷ᠂ ᠲᠤᠰ ᠬᠡᠮᠵᠢᠯᠳᠡ ᠶᠢᠨ ᠠᠷᠭ᠎ᠠ ᠨᠢ ᠠᠵᠢᠯᠯᠠᠬᠤ ᠳᠤ ᠳᠦᠭᠦᠮ᠂ ᠦᠯᠢᠭᠡᠷ ᠡᠳᠡ᠋ ᠢ ᠰᠠᠯᠭᠠᠨ ᠠᠪᠬᠤ ᠳᠤ ᠨᠢᠯᠢᠶᠡᠳ ᠰᠠᠢ᠌ᠨ ᠪᠠᠢ᠌ᠬᠤ ᠲᠤᠯᠠ ᠮᠤᠩ᠌ᠭᠤᠯ ᠡᠮ ᠠᠷᠤᠷ᠎ᠠ — 7ᠡᠬᠢ ᠬᠤᠤᠵᠤᠤ ᠶᠢᠨ ᠱᠦᠯᠳᠤ ᠵᠢ ᠬᠡᠮᠵᠢᠬᠦ ᠳᠤ ᠰᠢᠩᠭᠡᠨ ᠲᠦᠯᠦᠪᠳᠡ ᠦᠩᠭᠡ ᠶᠢᠨ ᠵᠠᠭᠰᠠᠯ ᠤᠨ ᠠᠷᠭ᠎ᠠ ᠵᠢ ᠷᠡᠭᠯᠡᠵᠤ ᠪᠤᠯᠤᠨ᠎ᠠ᠃
Original Literature View Original Paper
出自 内蒙古民族大学学报(蒙医药学) 2005年 第1期

联系我们


内蒙古大学图书馆
呼和浩特市大学西路235号
中国·内蒙古
P: (0471) 4992561
E: huangfeilong@imu.edu.cn