Paper Information


Title ᠮᠠᠨ ᠤ ᠤᠷᠤᠨ ᠤ ᠮᠠᠯᠴᠢᠨ ᠲᠠᠷᠢᠶᠠᠴᠢᠨ ᠤ ᠠᠷᠠᠳᠴᠢᠯᠡᠯ ᠤᠨ ᠬᠠᠮᠢᠶᠠᠷᠤᠯᠳᠠ ᠳᠤ ᠤᠷᠤᠯᠴᠠᠬᠤ ᠤᠬᠠᠮᠰᠠᠷ ᠤᠨ ᠪᠠᠢᠴᠠᠭ᠋ᠠᠯᠳᠠ ᠶᠢᠨ ᠵᠠᠳᠠᠯᠤᠯᠳᠠ
Creator ᠪᠤᠤ ᠱᠠᠨ ᠬᠤ
Keyword ᠮᠠᠯᠴᠢᠨ ᠲᠠᠷᠢᠶᠠᠴᠢᠨ; ᠠᠷᠠᠳᠴᠢᠯᠡᠯ ᠤᠨ ᠬᠠᠮᠢᠶᠠᠷᠤᠯᠳᠠ; ᠨᠠᠢᠭᠡᠮ ᠤᠨ ᠪᠠᠢᠴᠠᠭ᠋ᠠᠯᠳᠠ; ᠲᠡᠭᠡᠭᠰᠢᠯᠡᠬᠦᠯᠬᠦ ᠠᠷᠭ᠎ᠡ
Abstract ᠠᠷᠳᠴᠢᠯᠡᠯ ᠤᠨ ᠬᠠᠮᠢᠶᠠᠷᠤᠯᠳᠠ ᠭᠡᠳᠡᠭ ᠪᠤᠯ ᠬᠠᠷᠢᠴᠠᠯᠠᠰᠢᠬᠦᠢ ᠡᠷᠭᠡ ᠮᠡᠳᠡᠯ ᠪᠦᠬᠦᠢ ᠬᠠᠮᠢᠶᠠᠷᠤᠯᠳᠠ ᠲᠠᠢ ᠬᠠᠷᠢᠴᠠᠭ᠋ᠤᠯᠵᠦ ᠶᠠᠷᠢᠭᠰᠠᠨ ᠤᠬᠠᠨᠭᠳᠠᠬᠤᠨ ᠶᠤᠮ᠃ ᠲᠡᠷᠡ ᠨᠢ《 ᠠᠷᠠᠳᠴᠢᠯᠡᠯ᠂ ᠡᠷᠬᠡ ᠲᠡᠭᠰᠢ᠂ ᠢᠯᠡ ᠪᠠᠢᠬᠤ》 ᠵᠠᠷᠴᠢᠮ ᠤᠨ ᠤᠷᠢᠳᠠᠯ ᠲᠤᠤᠷ᠎ᠡ ᠬᠦᠮᠦᠰ ᠲᠤ ᠦᠪᠡᠷ ᠤᠨ ᠬᠠᠮᠢᠶᠠᠷᠤᠯᠳᠠ ᠶᠢᠨ ᠦᠵᠡᠯ ᠰᠠᠨ᠋ᠠᠭ᠎ᠡ ᠪᠡᠨ ᠤᠯᠠᠮᠵᠢᠯᠡᠨ᠂ ᠬᠦᠮᠦᠨ ᠤ ᠢᠳᠡᠪᠬᠢᠵᠢᠯ ᠢ ᠲᠠᠢᠴᠢᠯᠡᠵᠦ ᠪᠠᠢᠭ᠋ᠠᠳ ᠵᠤᠬᠢᠶᠠᠨ ᠪᠠᠢᠭ᠋ᠤᠯᠤᠯᠳᠠ ᠶᠢᠨ ᠨᠢᠭᠡᠨᠳᠠ ᠲᠤᠭᠳᠠᠭᠰᠠᠨ ᠬᠠᠷᠠᠯᠳᠠ ᠪᠠᠨ ᠪᠠᠶᠠᠯᠡᠬᠦᠯᠬᠦ ᠨᠢᠭᠡ ᠵᠤᠡᠢᠯ ᠤᠨ ᠬᠠᠮᠶᠶᠠᠷᠤᠯᠳᠠ ᠶᠢᠨ ᠠᠷᠭ᠎ᠡ ᠵᠢ ᠬᠡᠯᠡᠨ᠎ᠡ᠃ ᠮᠠᠯᠴᠢᠨ ᠲᠠᠷᠢᠶᠠᠴᠢᠨ ᠤ ᠠᠷᠠᠳᠴᠢᠯᠡᠯ ᠤᠨ ᠬᠠᠮᠢᠶᠠᠷᠤᠯᠳᠠ ᠳᠤ ᠤᠷᠤᠯᠴᠠᠵᠦ ᠪᠠᠢᠬᠤ ᠤᠬᠠᠮᠰᠠᠷ ᠤᠨ ᠪᠠᠢᠳᠠᠯ ᠢ ᠪᠠᠢᠴᠠᠭ᠋ᠠᠨ ᠤᠢᠯᠠᠭ᠋ᠠᠵᠦ᠂ ᠲᠡᠳᠡᠨ ᠤ ᠠᠷᠠᠳᠴᠢᠯᠠᠯ ᠤᠨ ᠬᠠᠮᠢᠶᠠᠷᠤᠯᠳᠠ ᠳᠤ ᠤᠷᠤᠯᠴᠠᠬᠤ ᠤᠬᠠᠮᠰᠠᠷ ᠲᠤᠤᠷ ᠡ ᠪᠠᠢᠬᠤ ᠰᠢᠯᠳᠠᠭ᠋ᠠᠨ ᠢ ᠡᠷᠢᠵᠦ ᠭᠠᠷᠭ᠋ᠠᠨ᠂ ᠵᠤᠬᠢᠰᠳᠡᠢ ᠠᠷᠭ᠎ᠡ ᠬᠡᠮᠵᠢᠶ᠎᠎ᠡ ᠠᠪᠴᠦ ᠪᠠᠢᠭ᠋ᠠᠳ ᠮᠠᠯᠴᠢᠨ ᠲᠠᠷᠢᠶᠠᠴᠢᠨ ᠤ ᠠᠷᠠᠳᠴᠢᠯᠡᠯ ᠤᠨ ᠬᠠᠮᠢᠶᠠᠷᠤᠯᠳᠠ ᠳᠤ ᠤᠷᠤᠯᠴᠠᠬᠤ ᠤᠬᠠᠮᠰᠠᠷ ᠢ ᠲᠡᠭᠡᠭᠰᠢᠯᠡᠬᠦᠯᠬᠦ ᠪᠤᠯ ᠨᠠᠢᠭᠡᠮ ᠵᠢᠷᠤᠮᠳᠤ ᠡᠶ᠎ᠡ ᠵᠤᠬᠢᠴᠠᠯᠳᠤ ᠰᠢᠨ᠎ᠡ ᠮᠨᠯᠵᠢᠬᠤ ᠲᠠᠷᠢᠶᠠᠯᠠᠬᠤ ᠤᠷᠤᠨ ᠢ ᠪᠦᠳᠤᠭᠡᠨ ᠪᠠᠢᠬ᠋ᠤᠯᠬᠤ ᠳᠤ ᠲᠤᠩ ᠴᠢᠬᠤᠯᠠ ᠪᠤᠳᠠᠳᠤ ᠠᠴᠢ ᠬᠤᠯᠪᠤᠭᠳᠠᠯ ᠲᠠᠢ ᠶᠤᠮ᠃
Original Literature View Original Paper
出自 蒙古学研究 2013年 第4期

联系我们


内蒙古大学图书馆
呼和浩特市大学西路235号
中国·内蒙古
P: (0471) 4992561
E: huangfeilong@imu.edu.cn