Abstract |
ᠦᠭᠦᠯᠡᠯ ᠳ᠋ᠤ ᠂ ᠬᠠᠭᠤᠷᠮᠠᠭ ᠮᠣᠩᠭᠤᠯ ᠤᠨ ᠬᠢᠵᠠᠭᠠᠷ ᠤᠨ ᠦᠶ ᠠ ᠶᠢᠨ ᠮᠣᠩᠭᠤᠯᠴᠤᠳ ᠲᠤ ᠵᠠᠷᠢᠭᠤᠯᠤᠭᠰᠠᠨ ᠭᠤᠤᠯ ᠰᠤᠷᠲᠠᠯ ᠤᠬᠠᠭᠤᠯᠭ᠎ᠠ ᠵᠢ ᠪᠶᠡᠯᠡᠭᠦᠯᠳᠡᠭ《 ᠮᠣᠩᠭᠤᠯ ᠰᠢᠨ᠎ᠠ ᠰᠡᠳᠬᠦᠯ 》 ᠳ᠋ᠤ ᠬᠢ 62 ᠬᠤᠪᠢ ᠤᠳᠬ ᠠ ᠵᠣᠬᠢᠶᠠᠯ ᠤᠨ ᠪᠦᠲᠦᠭᠡᠯ ᠢ ᠪᠦᠷᠢᠳᠭᠡᠯ ᠵᠠᠳᠠᠯᠬᠤ ᠶᠢᠨ ᠰᠠᠭᠤᠷᠢᠨ ᠳ᠋ᠤ᠂ ᠨᠡᠢᠲᠡᠯᠡᠭᠳᠡᠭᠰᠡᠨ ᠨᠡᠢᠭᠡᠮ ᠤᠷᠴᠢᠨ᠂ ᠵᠣᠬᠢᠶᠠᠭᠴᠢ ᠵᠢᠴᠢ ᠵᠡᠣᠬᠢᠶᠠᠯ ᠪᠦᠲᠦᠭᠡᠯ ᠤᠨ ᠤᠳᠬ ᠠ ᠰᠡᠳᠦᠪ᠂ ᠬᠠᠨᠳᠤᠯᠭ᠎ᠠ ᠴᠢᠭᠯᠡᠯ ᠢ ᠬᠤᠷᠢᠶᠠᠩᠭᠤᠢᠯᠠᠵᠤ᠂《 ᠮᠣᠩᠭᠤᠯ ᠰᠢᠨ᠎ᠠ ᠰᠡᠳᠬᠦᠯ》 ᠢᠡᠷ ᠵᠢᠱᠢᠶᠡᠯᠡᠨ ᠣᠷᠴᠢᠨ ᠦᠶ ᠠ ᠶᠢᠨ ᠮᠣᠩᠭᠤᠯ ᠤᠳᠬ ᠠ ᠵᠣᠬᠢᠶᠠᠯ ᠢ ᠰᠣᠳᠤᠯᠬᠤ ᠳ᠋ᠤ ᠵᠠᠷᠢᠭᠤᠯᠤᠨ᠂ ᠲᠬᠠᠢ ᠶᠢᠨ ᠤᠳᠬ ᠠ ᠵᠣᠬᠢᠶᠠᠯ ᠤᠨ ᠲᠡᠦᠭᠡ ᠳ᠋ᠤ ᠬᠡᠷᠬᠢᠨ ᠬᠤᠷᠸᠠᠴᠢ ᠡᠵᠡᠮᠳᠡᠯ ᠢ ᠪᠶᠡᠯᠡᠭᠦᠯᠬᠦ᠂ ᠤᠳᠬ ᠠ ᠵᠣᠬᠢᠶᠠᠯ ᠤᠨ ᠪᠦᠦᠭᠡᠯ ᠢ ᠬᠡᠷᠬᠢᠨ ᠵᠦᠪ ᠦᠷᠲᠡᠭᠯᠡᠬᠦ᠂ ᠤᠳᠬ ᠠ ᠵᠣᠬᠢᠶᠠᠯ ᠤᠨ ᠰᠣᠳᠤᠯᠭᠠᠨ ᠯᠤᠭ᠎ᠠ ᠵᠤᠬᠢᠶᠠᠭᠴᠢ ᠪᠠ ᠨᠡᠢᠭᠡᠮ ᠲᠡᠦᠭᠡ ᠶᠢᠨ ᠰᠣᠳᠤᠯᠭᠠᠨ ᠢ ᠭᠡᠷᠬᠢᠨ ᠤᠶᠤᠯᠳᠤᠭᠤᠯᠤᠨ ᠬᠦᠨᠵᠡᠭᠡᠢᠢᠷᠡᠬᠦᠯᠬᠦ ᠵᠡᠷᠭᠡ ᠲᠠᠯ ᠠ ᠪᠡᠷ ᠰᠠᠯᠠᠨ ᠵᠦᠪᠯᠡᠮᠵᠢ ᠪᠠᠨ ᠲᠤᠷᠠᠳᠪᠠ᠃ |