Abstract |
ᠣᠷᠴᠢᠨ ᠦᠶ ᠡ ᠶᠢᠨ ᠮᠣᠩᠭᠤᠯ ᠦᠨᠳᠦᠰᠦᠲᠡᠨ ᠤ ᠶᠡᠬᠡ ᠵᠣᠬᠢᠶᠠᠯᠴᠢ ᠢᠨᠵᠠᠨᠨᠠᠰᠢ ᠶᠢᠨ ᠲᠡᠦᠬᠡ ᠶᠢᠨ ᠷᠤᠮᠠᠨ《ᠬᠦᠬᠡ ᠰᠣᠳᠤᠷ》 ᠢ ᠺᠠᠢ ᠯᠦ ᠪᠠᠯᠭᠠᠰᠤᠨ ᠳ᠋ᠤ ᠪᠠᠢᠭᠰᠠᠨ ᠡᠷᠳᠡᠮ ᠰᠢᠨᠵᠢᠯᠡᠭᠡᠡ ᠤ ᠨᠡᠢᠭᠡᠮᠯᠢᠭ《ᠮᠣᠩᠭᠤᠯ ᠤᠳᠬ ᠠ ᠶᠢᠨ ᠰᠤᠷᠭᠠᠯ ᠤᠨ ᠬᠤᠷᠠᠯ》 ᠤᠨ ᠡᠷᠬᠢᠯᠡᠭᠴᠢ ᠠᠭᠰᠠᠨ ᠪᠦᠬᠡᠬᠡᠰᠢᠭ᠃ 《ᠬᠦᠬᠡ ᠰᠣᠳᠤᠷ》 ᠢ ᠬᠡᠪᠯᠡᠬᠦᠯᠬᠦ ᠪᠡᠷ ᠲᠦᠯᠦᠪᠯᠡᠵᠦ᠂ ᠢᠨᠵᠠᠨᠨᠠᠰᠢ ᠶᠢᠨ ᠨᠤᠲᠤᠭ ᠲᠦ ᠰᠡᠢᠷᠡᠭᠦᠯᠦᠨ ᠪᠢᠴᠢᠭᠡᠴᠢ ᠰᠢᠯᠢᠩᠭ ᠠ ᠵᠢ ᠲᠣᠮᠢᠯᠠᠨ ᠶᠠᠪᠤᠭᠤᠯᠵᠤ ᠵᠢᠷᠠᠨ ᠶᠢᠰᠦᠨ ᠪᠦᠯᠦᠭ ᠲᠠᠢ ᠪᠢᠴᠢᠮᠡᠯ ᠡᠭᠡ ᠪᠢᠴᠢᠭ ᠢ ᠤᠯᠵᠤ ᠢᠷᠡᠭᠡᠳ 1939ᠣᠨ ᠳ᠋ᠤ ᠲᠤᠰ ᠬᠤᠷᠠᠯ ᠡᠴᠡ ᠲᠤᠪᠴᠢᠲᠤ ᠲᠤᠯᠳᠤ ᠵᠢ ᠨᠢᠭᠡ ᠲᠡᠪᠳᠡᠷ ᠵᠢᠷᠠᠨ ᠶᠢᠰᠦᠨ ᠪᠦᠯᠦᠭ ᠢ ᠠᠷᠪᠠᠨ ᠬᠤᠶᠠᠷ ᠲᠡᠪᠳᠡᠷ ᠨᠡᠢᠲᠡ ᠠᠷᠪᠠᠨ ᠭᠤᠷᠪᠠᠨ ᠲᠡᠪᠲᠡᠷ ᠨᠢᠭᠡ ᠲᠤᠭᠲᠤᠢ ᠵᠢ ᠴᠢᠯᠠᠭᠤᠨ ᠪᠠᠷ ᠢᠢᠡᠷ ᠪᠦᠬᠦᠳᠡ ᠲᠠᠪᠤᠨ ᠵᠠᠭᠤᠨ ᠬᠤᠪᠢ ᠬᠡᠪᠯᠡᠬᠦᠯᠦᠨ ᠲᠠᠷᠠᠠᠭᠠᠵᠠᠢ᠃ |