Abstract |
《 ᠲᠠᠪᠤᠨᠠᠩ 》 ᠪᠤᠯ 《 ᠲᠠᠪᠤᠨ ᠤᠩ》 ᠭᠡᠳᠡᠭ ᠤᠨ ᠪᠢᠴᠢᠯᠭᠡ ᠶᠢᠨ ᠬᠤᠪᠢᠷᠠᠯ᠃ ᠲᠠᠪᠤᠨ ᠤᠩ ᠭᠡᠭ᠍ᠴᠢ ᠶᠤᠸᠠᠨ ᠤᠯᠤᠰ ᠤᠨ ᠦᠶ ᠡ ᠶᠢᠨ ᠲᠠᠪᠤᠨ ᠠᠡᠢᠮᠠᠭ ᠲᠠᠮᠠᠴᠢ ᠴᠡᠷᠢᠭ ᠪᠤᠯᠬᠤ ᠵᠠᠯᠠᠡᠢᠷ᠂ ᠢᠭᠢᠷᠢᠰ᠂ ᠤᠷᠤᠭᠤᠳ᠂ ᠮᠠᠩᠭ᠋ᠤᠳ᠂ ᠬᠤᠩᠬᠢᠷᠠᠳ ᠤᠨ ᠤᠩᠯᠢᠭ ᠤᠳ ᠢ ᠵᠢᠭᠠᠵᠦ᠂15 ᠳ᠋ᠤᠭᠠᠷ ᠵᠠᠭᠤᠨ ᠤ ᠲᠤᠮᠳᠠᠴᠢ ᠰᠡᠭᠦᠯᠴᠢ ᠡᠴᠨ ᠡᠬᠢᠯᠡᠵᠦ᠂ ᠮᠤᠩᠭ᠋ᠤᠯ ᠤᠨ ᠬᠠᠭᠠᠳ᠂ ᠲᠠᠡᠢᠵᠢ ᠨᠠᠷ ᠤᠨ ᠦᠬᠢᠳ ᠲᠠᠢ ᠤᠷᠤᠭᠯᠠᠴᠢᠳ ᠤᠨ ᠭᠡᠷᠭᠢᠮ ᠴᠤᠯᠡ ᠪᠤᠯᠪᠡ᠃ ᠲᠦᠮᠡᠳ᠂ ᠲᠤᠶᠠᠨ ᠤᠢ ᠶᠢᠨ ᠢᠵᠠᠭᠤᠷᠳᠠᠨ ᠲᠠᠪᠤᠨᠠᠩ ᠴᠤᠯᠠ ᠵᠢ ᠠᠩᠬ ᠡ ᠬᠦᠷᠳᠡᠵᠦ᠂《ᠵᠠᠷᠤᠭᠤᠳ ᠤᠨ ᠪᠠᠭᠠᠰᠤᠨ ᠲᠠᠪᠤᠨᠠᠩ》 ᠭᠡᠮᠡᠭᠴᠢ ᠬᠢᠳᠡᠳ ᠰᠤᠷᠪᠤᠯᠵᠢᠰ ᠲᠤ ᠲᠠᠮᠳᠡᠭᠯᠡᠭᠰᠡᠨ ᠲᠤᠶᠠᠨ ᠤᠢ ᠶᠢᠨ ᠲᠤᠳᠤᠭ ᠠᠷᠬᠢᠮᠡᠯ ᠤᠨ ᠬᠤᠶᠠᠳᠤᠭᠠᠷ ᠬᠦᠪᠡᠭᠦᠨ ᠪᠤᠯᠤᠨ᠌ ᠡ᠃ ᠲᠠᠪᠤᠨᠨᠠᠩ ᠪᠤᠯᠤᠭᠴᠢᠳ ᠠᠩᠭ ᠡ ᠮᠤᠩᠭ᠋ᠤᠯ ᠤᠨ ᠰᠤᠷᠪᠤᠯᠵᠢᠳᠤ ᠨᠤᠶᠠᠳ ᠤᠷᠤᠭ ᠤᠨ ᠬᠢᠨ ᠪᠠᠡᠢᠭᠰᠠᠨ ᠶᠢᠡᠨ 17 ᠳ᠋ᠤᠭᠠᠷ ᠵᠠᠭᠤᠨ ᠤ ᠦᠶ ᠡ ᠳᠤ ᠬᠠᠷᠠᠴᠤ ᠭᠠᠷᠤᠯᠳᠠᠢ ᠠᠮᠢᠳᠤᠷᠠᠯ ᠴᠢᠨᠠᠭᠡᠯᠢᠭ᠌ ᠪᠠᠶᠠᠨ ᠮᠨᠯᠴᠢᠳ ᠴᠤ ᠲᠠᠪᠤᠨᠠᠩ ᠪᠤᠯᠵᠠᠭᠠᠪᠠ᠃ ᠲᠠᠪᠤᠨᠠᠩ ᠤᠨ ᠪᠠᠡᠢᠷᠢ ᠰᠠᠭᠤᠷᠢ ᠨᠢ ᠮᠤᠩᠭ᠋ᠤᠯ ᠤᠨ ᠲᠦᠷᠦ ᠵᠠᠰᠠᠭ ᠲᠡᠬᠢ ᠲᠦᠰᠢᠮᠡᠳ ᠤᠨ ᠲᠤᠭᠳᠠᠯᠴᠠᠭᠠᠨ ᠤ ᠲᠡᠷᠢᠭᠦᠨ ᠳᠤ ᠲᠠᠯᠪᠢᠭᠳᠠᠵᠦ᠂ ᠴᠢᠩ ᠤᠯᠤᠰ ᠤᠨ ᠦᠶ ᠡ ᠳ᠋ᠤ ᠪᠠᠰᠠ ᠮᠤᠩᠭ᠋ᠤᠯ ᠤᠨ ᠸᠠᠩ ᠬᠦᠩ᠂ ᠢᠵᠠᠭᠤᠷᠳᠡᠳ ᠤᠨ ᠴᠢᠬᠤᠯᠠ ᠵᠡᠷᠭᠡ ᠲᠠᠰ ᠪᠤᠯᠵᠡᠢ᠃ |