Title |
ᠦᠪᠦᠷ ᠮᠣᠩᠭᠤᠯ ᠤᠨ ᠵᠠᠰᠠᠭ ᠤᠨ ᠣᠷᠳᠤᠨ ᠤ ᠰᠦᠯᠵᠢᠶ ᠡ ᠶᠢᠨ ᠭᠠᠳᠠᠭᠠᠳᠤ ᠲᠠᠢ ᠴᠢᠯᠦᠭᠡᠲᠡᠢ ᠶᠠᠪᠤᠯᠴᠠᠬᠤ ᠳ᠋ᠤ ᠦᠵᠡᠬᠦᠯᠬᠦ ᠨᠦᠯᠦᠭᠡ ᠵᠢᠴᠢ ᠣᠷᠤᠰᠢᠵᠤ ᠪᠠᠢᠭ᠎ᠠ ᠠᠰᠠᠭᠤᠳᠠᠯ |
Creator |
ᠰᠠᠷᠠᠯᠠᠩ |
Keyword |
ᠦᠪᠦᠷ ᠮᠣᠩᠭᠤᠯ; ᠵᠠᠰᠠᠭ ᠤᠨ ᠣᠷᠳᠤᠨ ᠤ ᠰᠦᠯᠵᠢᠶ ᠡ; ᠭᠠᠳᠠᠭᠠᠳᠤ ᠲᠠᠠᠢ ᠴᠢᠯᠦᠭᠡᠲᠡᠢ ᠶᠠᠪᠤᠯᠴᠠᠬᠤ |
Abstract |
ᠦᠪᠦᠷ ᠮᠣᠨᠭᠤᠯ ᠤᠨ ᠵᠠᠰᠠᠭ ᠤᠨ ᠣᠷᠳᠤᠨ ᠤ ᠡᠷᠭᠡ ᠰᠦᠷᠲᠦ ᠴᠢᠨᠠᠷ ᠪᠠ ᠢᠲᠡᠭᠡᠮᠵᠢᠲᠦ ᠰᠢᠨᠵᠢ ᠵᠢᠴᠢ ᠰᠦᠯᠵᠢᠶᠡᠨ ᠵᠠᠭᠤᠴᠢ ᠶᠢᠨ ᠰᠤᠷᠠᠭ ᠵᠠᠩᠬᠢ ᠶᠢᠨ ᠪᠠᠭᠲᠠᠭᠠᠨᠵᠢᠲᠤ ᠰᠢᠨᠵᠢ ᠪᠠ ᠴᠠᠭᠲᠤ ᠰᠢᠨᠵᠢ ᠵᠡᠷᠭᠡ ᠲᠠᠪᠠᠭᠤᠯᠢᠭ ᠲᠠᠯ ᠠ ᠵᠢ ᠠᠰᠢᠭᠯᠠᠨ ᠮᠠᠨ ᠤ ᠣᠷᠤᠨ ᠤ ᠭᠠᠳᠠᠭᠠᠲᠤ ᠲᠠᠢ ᠴᠢᠯᠦᠭᠡᠲᠡᠢ ᠶᠠᠪᠤᠯᠴᠠᠵᠤ᠂ ᠭᠠᠳᠠᠭᠠᠳᠤ ᠪᠡᠯᠡ ᠵᠢ ᠲᠠᠲᠠᠵᠤ᠂ ᠭᠠᠳᠠᠭᠠᠳᠤ ᠯᠤᠭ᠎ᠠ ᠶᠢᠨ ᠠᠷᠯᠵᠢᠶ ᠡ ᠵᠢ ᠬᠦᠭᠵᠢᠬᠦᠯᠬᠦ ᠳ᠋ᠤ ᠴᠢᠬᠤᠯᠠ ᠶᠡᠬᠡ ᠨᠦᠯᠦᠭᠡ ᠦᠵᠡᠭᠦᠯᠬᠦ ᠪᠠᠢᠳᠠᠭ᠃ ᠲᠡᠷᠡ ᠨᠢ ᠲᠦᠷᠦ ᠶᠢᠨ ᠪᠣᠳᠤᠯᠭ᠎ᠠ ᠵᠢ ᠤᠬᠠᠭᠤᠯᠤᠨ ᠭᠠᠳᠠᠭᠠᠳᠤ ᠲᠠᠢ ᠴᠢᠯᠦᠭᠡᠲᠡᠢ ᠶᠠᠪᠤᠯᠴᠠᠬᠤ ᠳ᠋ᠤ ᠲᠦᠭᠦᠮ ᠨᠦᠬᠦᠴᠡᠯ ᠬᠠᠩᠭᠠᠬᠤ᠂ ᠦᠪᠦᠷ ᠮᠣᠩᠭᠤᠯ ᠢ ᠲᠠᠨᠢᠯᠴᠠᠭᠤᠯᠤᠨ᠂ ᠴᠢᠯᠦᠭᠡᠲᠡᠢ ᠶᠠᠪᠤᠯᠴᠠᠬᠤ ᠣᠷᠴᠢᠨ ᠢ ᠪᠦᠷᠢᠯᠳᠦᠭᠦᠯᠬᠦ᠂ ᠵᠠᠰᠠᠭ ᠤᠨ ᠣᠷᠳᠤᠨ ᠤ ᠰᠢᠯᠢᠳᠡᠭ ᠲᠦᠷᠢ ᠵᠢ ᠴᠣᠭᠴᠠᠯᠠᠨ᠂ ᠭᠠᠳᠠᠭᠠᠲᠤ ᠬᠤᠳᠠᠯᠳᠤᠭᠠᠴᠢᠨ ᠢ ᠲᠠᠲᠠᠬᠤ ᠵᠡᠷᠭᠡ ᠢᠳᠡᠪᠬᠢ ᠨᠦᠯᠦᠭᠡ ᠦᠵᠡᠬᠦᠯᠵᠦ ᠪᠠᠢᠳᠠᠭ᠃ ᠲᠡᠷᠡ ᠨᠢ ᠲᠦᠷᠦ ᠶᠢᠨ ᠪᠣᠳᠤᠯᠭ᠎ᠠ ᠵᠢ ᠤᠬᠠᠭᠤᠯᠤᠨ ᠭᠠᠳᠠᠭᠠᠲᠤ ᠲᠠᠢ ᠴᠢᠯᠦᠭᠡᠲᠡᠢ ᠶᠠᠪᠤᠯᠴᠠᠬᠤ ᠳ᠋ᠦ ᠲᠦᠭᠦᠮ ᠨᠦᠬᠦᠴᠡᠯ ᠬᠠᠩᠭᠠᠬᠤ᠂ᠦᠪᠦᠷ ᠮᠣᠩᠭᠤᠯ ᠢ ᠲᠠᠨᠢᠯᠴᠠᠭᠤᠯᠤᠨ᠂ ᠴᠢᠯᠦᠭᠡᠲᠡᠢ ᠶᠠᠪᠤᠯᠴᠠᠬᠤ ᠣᠷᠴᠢᠨ ᠢ ᠪᠦᠷᠢᠯᠳᠦᠭᠦᠯᠬᠦ᠂ ᠵᠠᠰᠠᠭ ᠤᠨ ᠣᠷᠳᠤᠨ ᠤ ᠰᠢᠯᠢᠳᠡᠭ ᠲᠦᠷᠢ ᠵᠢ ᠴᠣᠭᠴᠠᠯᠠᠨ᠂ ᠭᠠᠳᠠᠭᠠᠲᠤ ᠬᠤᠳᠠᠯᠳᠤᠭᠠᠴᠢᠨ ᠢ ᠲᠠᠳᠠᠬᠤ ᠵᠡᠷᠭᠡ ᠢᠳᠡᠪᠬᠢ ᠨᠦᠯᠦᠭᠡ ᠦᠵᠡᠭᠦᠯᠵᠦ ᠪᠠᠢᠳᠠᠭ᠃ ᠦᠪᠦᠷ ᠮᠣᠩᠭᠤᠯ ᠤᠨ ᠵᠠᠰᠠᠭ ᠤᠨ ᠣᠷᠳᠤᠨ ᠤ ᠰᠦᠯᠵᠢᠶ ᠡ ᠨᠢ ᠪᠠᠰᠠ ᠪᠦᠲᠦᠴᠡ ᠲᠤᠬᠢᠷᠠᠭᠤᠯᠤᠯᠲᠠ ᠨᠢ ᠪᠦᠷᠢᠨ ᠪᠣᠯᠪᠠᠴᠤ ᠠᠭᠤᠯᠭ᠎ᠠ ᠨᠢ ᠲᠠᠩ ᠴᠣᠯᠭᠤᠢ᠂ ᠴᠠᠭᠲᠤ ᠰᠢᠨᠵᠢ ᠨᠢ ᠰᠤᠯᠠ᠂ ᠠᠭᠤᠯᠭ᠎ᠠ ᠶᠢᠨ ᠰᠢᠨᠡᠴᠢᠯᠡᠯᠲᠡ ᠨᠢ ᠤᠳᠠᠭᠠᠨ ᠵᠡᠷᠭᠡ ᠳᠤᠲᠠᠭᠳᠠᠯ ᠲᠠᠢ ᠲᠠᠯ ᠠ ᠤᠷᠤᠰᠢᠵᠤ ᠪᠠᠢᠨ᠎ᠠ᠃ |
Original Literature |
View Original Paper
|
出自 |
内蒙古师范大学学报
2012年
第1期
|