Title |
ᠮᠤᠩᠭᠤᠯ ᠪᠦᠭᠡ ᠮᠦᠷᠭᠦᠯ ᠤᠨ ᠭᠤᠤᠯ ᠦᠵᠡᠯᠳᠡ ᠤᠢᠯᠠᠭᠠᠭᠳᠠᠬᠤᠨ ᠤ ᠡᠬᠦᠰᠤᠯ ᠬᠦᠭᠵᠢᠯ ᠤᠨ ᠤᠯᠠ ᠮᠦᠷ ᠢ ᠬᠠᠢᠬᠤ ᠨᠢ |
Creator |
ᠰᠠᠷᠠᠭ᠋ᠤᠯ |
Keyword |
ᠮᠤᠩᠭᠤᠯ ᠪᠦᠭᠡ ᠮᠤᠷᠭᠦᠯ; ᠭᠤᠷᠪᠠᠨ ᠶᠢᠷᠳᠢᠨᠴᠦ ᠶᠢᠨ ᠦᠵᠡᠯᠳᠡ; ᠡᠵᠡᠳ ᠤᠩᠭᠤᠨ ᠤ ᠦᠵᠡᠯᠳᠡ; ᠰᠦᠨ᠋ᠡᠰᠤ ᠶᠢᠨ ᠦᠵᠡᠯᠳᠡ; ᠡᠬᠦᠰᠤᠯ ᠬᠦᠭᠵᠢᠯ |
Abstract |
ᠪᠦᠭᠡ ᠮᠦᠭᠦᠯ ᠤᠨ ᠭᠤᠷᠪᠠᠨ ᠶᠢᠷᠳᠢᠨᠴᠦ ᠶᠢᠨ ᠦᠵᠡᠯᠳᠡ ᠤᠢᠯᠠᠭ᠋ᠭᠳᠠᠬᠤᠨ ᠨᠢ ᠬᠠᠷ᠎ᠠ ᠵᠦᠭ ᠤᠨ ᠪᠦᠭᠡ ᠨᠠᠷ ᠤᠨ ᠨᠢᠭᠡ ᠯᠡ ᠶᠢᠷᠳᠢᠨᠴᠦ ᠳᠤ ᠤᠷᠤᠰᠢᠳᠠᠭ ᠲᠡᠭᠡᠳᠤ᠂ ᠲᠤᠮᠳᠠ᠂ ᠲᠤᠤᠷᠠᠳᠤ ᠬᠡᠬᠦ ᠭᠤᠷᠪᠠᠨ ᠲᠢᠪ ᠤᠨ ᠲᠠᠪᠬᠤᠷᠯᠠᠨ ᠤᠷᠤᠰᠢᠳᠠᠭ ᠤᠢᠯᠠᠭ᠋ᠭᠳᠠᠬᠤᠨ ᠡᠴᠨ ᠪᠤᠷᠬᠠᠨ ᠱᠠᠰᠢᠨ ᠤ ᠳ᠋ᠸᠪᠡᠵᠠᠨ᠂ ᠲᠠᠮᠦ ᠶᠢᠨ ᠤᠷᠤᠨ ᠤ ᠦᠵᠡᠯᠳᠡ ᠶᠢᠨ ᠨᠦᠯᠦᠭᠡ ᠵᠢ ᠬᠦᠷᠳᠡᠭᠡᠳ ᠴᠠᠭ᠋ᠠᠨ ᠵᠦᠢᠭ ᠤᠨ ᠪᠦᠭᠡ ᠨᠠᠷ ᠤᠨ ᠲᠡᠭᠡᠳᠤ᠂ ᠲᠤᠮᠳᠠ᠂ ᠲᠤᠤᠷᠠᠳᠤ ᠬᠡᠬᠦ ᠭᠤᠷᠪᠠᠨ ᠶᠢᠷᠳᠢᠨᠴᠦ ᠶᠢᠨ ᠦᠵᠯᠡᠳᠡ ᠪᠤᠯᠵᠦ ᠬᠤᠪᠢᠷᠠᠭᠰᠠ ᠪᠠᠢᠨ᠎ᠠ᠃ ᠶᠡᠭᠡ ᠪᠠᠢᠭ᠋ᠠᠯᠡᠢ ᠶᠢᠨ ᠡᠵᠡᠳ ᠰᠠᠬᠢᠭ᠋ᠤᠰᠤ ᠶᠢᠨ ᠦᠵᠡᠯᠳᠡ᠂ ᠲᠤᠲ᠋ᠸᠮ ᠤᠨ ᠦᠵᠡᠯᠳᠠ᠂ ᠨᠠᠰᠤ ᠨᠦᠭᠴᠢᠭᠰᠡᠡ ᠡᠪᠤᠭᠡ ᠲᠡᠭᠡᠳᠤᠰ ᠤᠨ ᠰᠦᠨ᠋ᠡᠰᠦᠨ ᠤ ᠦᠵᠡᠯᠳᠠ ᠶᠢᠨ ᠰᠠᠭ᠋ᠤᠷᠢᠨ ᠲᠡᠭᠡᠷ᠎ᠡ ᠮᠤᠩᠭᠤᠯ ᠪᠦᠭᠡ ᠮᠦᠷᠭᠦᠯ ᠤᠨ ᠡᠵᠡᠳ ᠤᠩᠭᠤᠳ ᠤ ᠰᠢᠳᠤᠯᠭᠡ ᠲᠠᠬᠢᠯᠭ᠎ᠠ ᠲᠠᠭ᠋ᠤᠳᠠᠯᠭᠠ ᠪᠤᠢ ᠪᠤᠯᠪᠠ᠃ ᠪᠦᠬᠡ ᠮᠦᠷᠭᠦᠯ ᠤᠨ 《ᠡᠭᠡ ᠶᠢᠨ ᠲᠠᠯ᠎ᠠ ᠡᠴᠨ ᠤᠯᠵᠦ ᠠᠪᠳᠠᠭ ᠮᠢᠬ᠎ᠠ᠂ ᠴᠢᠰᠦᠨ ᠤ ᠰᠦᠨ᠋ᠡᠰᠤ ᠪᠤᠶᠤ ᠡᠵᠡᠨ᠂ ᠡᠴᠢᠭᠡ ᠶᠢᠨ ᠲᠠᠯ᠎ᠠ ᠡᠴᠨ ᠤᠯᠵᠦ ᠠᠪᠳᠠᠭ ᠶᠠᠰᠤᠨ ᠤ ᠰᠦᠨ᠋ᠡᠰᠤ ᠪᠤᠶᠤ ᠡᠵᠡᠨ᠂ ᠭᠤᠷᠪᠠᠳᠡᠬᠢ ᠨᠢ ᠲᠡᠭᠷᠢ ᠰᠦᠨ᠋ᠡᠰᠤ》ᠭᠡᠬᠦ ᠦᠵᠡᠯᠳᠡ ᠨᠢ ᠤᠳᠤ ᠦᠶ᠎ᠡ ᠶᠢᠨ ᠤᠳᠤᠮᠰᠢᠯ ᠤᠨ ᠤᠭᠠᠭ᠋ᠠᠨ ᠡᠬᠡ ᠶᠢᠨ ᠤᠳᠤᠮ ᠡᠴᠨ ᠮᠢᠬ᠎ᠠ ᠴᠢᠰᠤ ᠵᠢ ᠤᠯᠵᠦ᠂ ᠡᠴᠢᠭᠡ ᠶᠢᠨ ᠤᠭ ᠡᠴᠨ ᠶᠠᠰᠤ ᠵᠢ ᠵᠠᠯᠭ᠋ᠠᠮᠵᠢᠯᠠᠵᠦ ᠠᠪᠳᠠᠭ ᠬᠡᠬᠦ ᠦᠵᠡᠯᠳᠡ ᠲᠠᠢ ᠨᠡᠢᠴᠡᠬᠦ ᠶᠤᠮ᠃ ᠮᠤᠩᠭᠤᠯ ᠪᠦᠭᠡ ᠮᠦᠷᠭᠦᠯ ᠤᠨ ᠭᠤᠤᠯ ᠦᠵᠡᠯᠳᠡ ᠤᠢᠯᠠᠭ᠋ᠠᠯᠳᠠ ᠵᠢ ᠨᠠᠷᠢᠪᠴᠢᠯᠡᠨ ᠰᠢᠨᠵᠢᠡᠯᠬᠦ ᠨᠢ ᠪᠦᠭᠡ ᠮᠦᠷᠭᠦᠯ ᠤ ᠡᠬᠦᠰᠤᠯ ᠭᠦᠭᠵᠢᠯ ᠤᠨ ᠲᠡᠤᠭᠡ᠂ ᠪᠦᠬᠡᠯᠡᠯᠭᠡ ᠶᠢᠨ ᠶᠤᠰᠤ ᠵᠠᠩᠰᠢᠯ᠂ ᠰᠢᠳᠤᠯᠭᠡ ᠲᠠᠬᠢᠯᠭ᠎ᠠ ᠶᠢᠨ ᠤᠯᠠᠷᠢᠯ ᠬᠤᠪᠢᠰᠤᠯ ᠢ ᠤᠢᠯᠠᠭ᠋ᠠᠬᠤ ᠳᠤ ᠠᠴᠢ ᠲᠤᠰᠠ ᠲᠠᠢ ᠪᠦᠭᠡᠳ ᠪᠦᠭᠡ ᠮᠦᠷᠭᠦᠯ ᠤᠨ ᠡᠷᠳᠡᠨ ᠤ ᠪᠤᠷᠤᠭᠵᠢᠭ᠋ᠤᠨ ᠪᠤᠳᠠᠰᠴᠢ ᠦᠵᠡᠯ᠂ ᠠᠷᠠᠳ ᠤᠨ ᠮᠡᠳᠡᠯᠭᠡ ᠵᠢ ᠰᠢᠨᠵᠢᠯᠡᠬᠦ ᠳᠤ ᠴᠢᠬᠤᠯᠠ ᠠᠴᠢ ᠬᠤᠯᠪᠤᠭᠳᠠᠯ ᠲᠠᠢ ᠶᠤᠮ᠃ |
Original Literature |
No Original Paper
|
出自 |
中国蒙古学
2014年
第5期
|