Title |
ᠣᠷᠴᠢᠨ ᠴᠠᠭ ᠤᠨ ᠤᠳᠬ᠎ᠠ ᠰᠤᠶᠤᠯ ᠳᠠᠬᠢ ᠣᠷᠴᠢᠭᠤᠯᠭ᠎ᠠ ᠶᠢᠨ ᠦᠢᠯᠡᠰ ᠢ ᠦᠭᠦᠯᠡᠬᠦ ᠨᠢ |
Creator |
ᠣ · ᠴᠠᠬᠢᠯᠤᠯ |
Keyword |
XX0049; ᠮᠣᠩᠭᠤᠯ ᠣᠷᠴᠢᠭᠤᠯᠭ᠎ᠠ; ᠣᠷᠴᠢᠭᠤᠯᠭ᠎ᠠ ᠶᠢᠨ ᠲᠤᠬᠠᠢ ᠣᠨᠣᠯ ᠦᠵᠡᠯᠲᠡ |
Abstract |
XX0049 (1900—1949) ᠶᠢᠨ ᠰᠡᠭᠦᠯ ᠱᠠᠲᠤᠨ ᠳᠤ ᠣᠷᠴᠢᠭᠤᠯᠭ᠎ᠠ ᠶᠢᠨ ᠦᠢᠯᠡᠰ ᠦᠨ ᠪᠠᠳᠠᠷᠠᠨ ᠬᠦᠭᠵᠢᠬᠦ ᠶᠢ ᠳᠠᠭᠠᠯᠳᠤᠨ ᠮᠣᠩᠭᠤᠯ ᠣᠷᠴᠢᠭᠤᠯᠭ ᠠ ᠶᠢᠨ ᠰᠢᠨᠡᠪᠲᠦᠷ ᠣᠨᠣᠯ ᠦᠵᠡᠯᠲᠡ ᠴᠦ ᠠᠭᠠᠵᠢᠮ ᠢᠶᠠᠷ ᠪᠤᠢ ᠪᠤᠯᠵᠤ ᠠᠯᠭᠤᠷ ᠬᠦᠭᠵᠢᠪᠡ᠃ ᠣᠷᠴᠢᠭᠤᠯᠭ᠎ᠠ ᠶᠢᠨ ᠲᠤᠬᠠᠢ ᠣᠨᠣᠯ ᠦᠵᠡᠯᠲᠡ ᠶᠢᠨ ᠢᠷᠡᠯᠲᠡ ᠨᠢ ᠭᠤᠤᠯᠳᠠᠭᠤ ᠭᠤᠷᠪᠠᠨ ᠲᠠᠯ᠎ᠠ ᠳᠤ ᠪᠠᠢᠳᠠᠭ᠃ ᠨᠢᠭᠡ ᠨᠢ᠂ ᠮᠣᠩᠭᠤᠯ ᠪᠢᠴᠢᠭᠲᠡᠳ ᠦᠨ ᠣᠷᠴᠢᠭᠤᠯᠭ᠎ᠠ ᠨᠠᠢᠷᠠᠭᠤᠯᠭ᠎ᠠ ᠮᠣᠩᠭᠤᠯᠴᠢᠯᠠᠭᠠ ᠶᠢᠨ ᠶᠠᠪᠤᠴᠠ ᠳᠠᠭᠠᠨ ᠣᠷᠤᠰᠢᠯ ᠮᠠᠶᠢᠭ ᠢᠶᠠᠷ ᠳᠡᠪᠰᠢᠭᠦᠯᠦᠭᠰᠡᠨ ᠦᠵᠡᠯᠲᠡ ᠲᠠᠨᠢᠯᠲᠠ; ᠨᠦᠬᠦᠭᠡ ᠨᠢ᠂ 《ᠤᠯᠠᠭᠠᠨ ᠪᠠᠷᠰ》 ᠰᠡᠳᠭᠦᠯ ᠦᠨ ᠤᠷᠠᠨ ᠵᠤᠬᠢᠶᠠᠯ ᠪᠠ ᠤᠳᠬ᠎ᠠ ᠰᠤᠶᠤᠯ ᠤᠨ ᠦᠢᠯᠡᠳᠦᠯᠭᠡ ᠶᠢᠨ ᠳᠤᠮᠳᠠ ᠨᠠᠢᠷᠠᠭᠤᠯᠤᠭᠴᠢ ᠪᠢᠴᠢᠭᠲᠡᠳ ᠦᠨ ᠳᠤᠷᠠᠳᠤᠨ ᠭᠠᠷᠭᠠᠭᠰᠠᠨ ᠣᠷᠴᠢᠭᠤᠯᠭ᠎ᠠ ᠶᠢᠨ ᠶᠤᠰᠤᠨ ᠤ ᠪᠠᠷᠢᠮᠵᠢᠶ᠎ᠠ ᠱᠠᠭᠠᠷᠳᠠᠯᠭ᠎ᠠ; ᠪᠠᠰᠠ ᠨᠢᠭᠡ ᠨᠢ᠂ ᠬᠡᠰᠡᠭ ᠮᠣᠩᠭᠤᠯ ᠪᠢᠴᠢᠭᠲᠡᠳ ᠦᠨ ᠲᠤᠰᠬᠠᠢ ᠦᠭᠦᠯᠡᠯ ᠢᠶᠡᠷ ᠪᠢᠴᠢᠨ ᠲᠤᠭᠤᠷᠪᠢᠭᠰᠠᠨ ᠣᠷᠴᠢᠭᠤᠯᠭ᠎ᠠ ᠶᠢᠨ ᠤᠬᠠᠭᠠᠨ ᠤ ᠵᠤᠬᠢᠶᠠᠯ ᠪᠤᠯᠤᠨ᠎ᠠ᠃ ᠡᠳᠡᠭᠡᠷ ᠨᠢ ᠬᠡᠯᠪᠡᠷᠢ ᠬᠢᠭᠡᠳ ᠦᠢᠯᠡᠳᠦᠯᠭᠡ ᠳᠡᠭᠡᠷ᠎ᠡ ᠪᠡᠨ ᠵᠤᠬᠢᠬᠤ ᠬᠡᠮᠵᠢᠶᠡᠨ ᠦ ᠵᠦᠷᠢᠶ᠎ᠡ ᠢᠯᠭᠠᠭ᠎ᠠ ᠲᠠᠢ ᠴᠦ ᠶᠡᠷᠦᠩᠬᠡᠢ ᠣᠨᠣᠯ ᠤᠨ ᠦᠭᠦᠯᠡᠯᠲᠡ ᠪᠤᠯᠤᠨ ᠵᠠᠷᠴᠢᠮ ᠪᠠᠷᠢᠮᠵᠢᠶ᠎ᠠ ᠨᠢ ᠨᠢᠭᠡᠲᠦᠯᠲᠡᠢ ᠶᠤᠮ᠃ |
Original Literature |
No Original Paper
|
出自 |
内蒙古民族大学学报(社会科学)
2003年
第2期
|