Abstract |
ᠴᠢᠩᠭᠢᠰ ᠬᠠᠭ᠋ᠠᠨ ᠪᠤᠯ ᠮᠤᠩᠬ᠋ᠤᠯᠴᠤᠳ ᠬᠢᠭᠡᠳ ᠲᠡᠯᠡᠭᠡᠢ ᠶᠢᠨ ᠲᠡᠤᠭᠡᠨ ᠳᠤ ᠴᠦᠮ ᠨᠦᠯᠤᠭᠡ ᠶᠡᠭᠡᠳᠡᠢ ᠬᠦᠮᠦᠨ ᠪᠤᠯᠤᠨ᠎ᠠ᠃ ᠤᠯᠠᠮᠵᠢᠯᠠᠭᠳᠠᠵᠦ ᠢᠷᠡᠭᠰᠡᠨ ᠡᠷᠳᠡᠨ ᠤ ᠮᠤᠩᠭᠤᠯ ᠬᠡᠯᠡᠡ ᠤ ᠮᠠᠲ᠋ᠸᠷᠢᠶᠠᠯ ᠤᠨ ᠬᠤᠮᠰᠠ ᠪᠤᠯᠤᠭᠰᠠᠨ ᠰᠢᠯᠳᠠᠭ᠋ᠠᠨ ᠡᠴᠨ ᠪᠤᠯᠵᠦ《 ᠴᠢᠩᠭᠢᠰ》 ᠭᠡᠬᠦ ᠦᠭᠡ ᠶᠢᠨ ᠤᠳᠬ᠎ᠠ ᠶᠢᠨ ᠲᠠᠯ᠎ᠠ ᠪᠡᠷ ᠡᠷᠳᠡᠮᠳᠡᠳ ᠤᠨ ᠦᠵᠠᠯᠳᠠ ᠨᠢᠭᠡᠳᠤᠯ ᠦᠬᠡᠢ ᠪᠠᠢᠭᠰᠠᠭ᠋ᠠᠷ᠃ ᠲᠤᠰ ᠦᠬᠦᠯᠡᠯ ᠳᠤ《 ᠮᠤᠩᠭᠤᠯ ᠤᠨ ᠨᠢᠭ᠋ᠤᠴᠠ ᠲᠤᠪᠴᠢᠶᠠᠨ》 ᠤ ᠮᠢᠩ ᠤᠯᠤᠰ ᠤᠨ ᠦᠶ᠎ᠡ ᠶᠢᠨ ᠬᠢᠳᠡᠳ ᠭᠠᠯᠢᠭ ᠢ ᠡᠯᠸᠭ᠍ᠲ᠋ᠷᠤᠨ ᠮᠠᠰᠢᠨ ᠳᠤ ᠪᠠᠭ᠋ᠤᠯᠭ᠋ᠠᠨ ᠦᠰᠦᠭ ᠮᠦᠷᠳᠡᠬᠦ ᠮᠡᠷᠬᠡᠵᠢᠯ ᠢ ᠠᠰᠢᠭᠯᠠᠨ᠂《诚》 ᠬᠡᠮᠡᠬᠦ ᠭᠠᠯᠢᠭ ᠲᠤ ᠵᠠᠳᠠᠯᠤᠯᠳᠠ ᠬᠢᠵᠦ᠂《 ᠴᠢᠩᠬᠢᠰ 》 ᠭᠡᠬᠦ ᠦᠭᠡ ᠶᠢᠨ 《成(ᠴᠢᠩ)》ᠢᠵᠠᠭ᠋ᠤᠷᠳᠤ ᠦᠰᠦᠭ ᠢ ᠮᠦᠷᠳᠡᠨ᠂《腾吉思》 ᠭᠡᠬᠦ ᠦᠭᠡ ᠲᠠᠢ ᠬᠠᠷᠢᠴᠠᠭ᠋ᠤᠯᠤᠨ ᠰᠤᠳᠤᠯᠵᠦ᠂ ᠪᠠᠰᠠ 《成吉思》ᠭᠡᠬᠦ ᠦᠭᠡ ᠵᠢ ᠨᠢᠭᠳᠠᠯᠠᠠ᠂《 ᠮᠤᠩᠭᠤᠯ ᠤᠨ ᠨᠢᠭ᠋ᠤᠴᠠ ᠲᠤᠪᠴᠢᠶᠠᠨ》 ᠲᠠᠢ ᠪᠢᠴᠢᠭᠳᠡᠭᠰᠡᠨ ᠴᠠᠭ ᠶᠢᠡᠷ ᠤᠢᠷᠠᠯᠴᠠᠭ᠎ᠠ ᠪᠢᠴᠢᠭ ᠰᠤᠷᠪᠤᠯᠵᠢ ᠡᠴᠨ ᠲᠤᠰ ᠦᠭᠡ ᠶᠢᠨ ᠵᠢᠩᠬᠢᠨ᠋ᠢ ᠤᠳᠬ᠎ᠠ ᠵᠢ ᠬᠠᠢᠭᠰᠠᠨ ᠤ ᠳ᠋ᠦᠩ ᠳᠤ《 ᠴᠢᠩ ᠵᠤᠷᠢᠭ ᠨᠢ ᠲᠠᠩᠬᠢᠰ ᠮᠡᠳᠤ ᠶᠡᠭᠡ》 ᠬᠡᠰᠡᠨ ᠤᠳᠬ᠎ᠠ ᠲᠠᠢ ᠪᠤᠯᠬᠤ ᠵᠢ ᠭᠡᠷᠡᠴᠢᠯᠡᠬᠦ ᠪᠡᠷ ᠴᠢᠷᠮᠠᠢᠵᠡᠢ᠃ |