Title |
ᠮᠣᠩᠭᠤᠯ ᠯᠠᠮᠠ ᠡᠷᠳᠡᠮᠲᠡᠳ ᠦᠨ ᠵᠤᠬᠢᠰᠲᠤ ᠠᠶᠠᠯᠭᠤ ᠶᠢᠨ ᠭᠤᠤ᠎ᠠ ᠳᠠᠭᠠᠰᠢᠶᠠᠬᠤᠢ ᠶᠢᠨ ᠲᠤᠬᠠᠢ ᠦᠵᠡᠯᠲᠡ ᠶᠢ ᠰᠢᠨᠵᠢᠯᠡᠬᠦ ᠨᠢ |
Creator |
ᠱᠤ ᠯᠢᠨ |
Keyword |
ᠮᠣᠩᠭᠤᠯ ᠯᠠᠮᠠ ᠡᠷᠳᠡᠮᠲᠡᠳ; ᠵᠤᠬᠢᠰᠲᠤ ᠠᠶᠠᠯᠭᠤ; ᠭᠤᠤ᠎ᠠ ᠲᠠᠭᠠᠰᠢᠶᠠᠬᠤᠢ ᠶᠢᠨ ᠦᠵᠡᠯᠲᠡ |
Abstract |
ᠮᠣᠩᠭᠤᠯ ᠯᠠᠮᠠ ᠡᠷᠳᠡᠮᠲᠡᠳ ᠦᠨ ᠵᠤᠬᠢᠰᠲᠤ ᠠᠶᠠᠯᠭᠤᠨ ᠤ ᠭᠤᠤ᠎ᠠ ᠭᠠᠰᠢᠶᠠᠬᠤᠢ ᠶᠢᠨ ᠲᠤᠬᠠᠢ ᠦᠵᠡᠯᠲᠡ ᠶᠢᠨ ᠭᠤᠤᠯ ᠨᠢ ᠭᠤᠤ᠎ᠠ ᠲᠠᠭᠠᠰᠢᠶᠠᠬᠤᠢ ᠶᠢᠨ ᠰᠢᠨᠵᠢ ᠪᠤᠯ ᠤᠳᠬ᠎ᠠ ᠵᠤᠬᠢᠶᠠᠯ ᠤᠨ ᠪᠤᠰᠤᠳ ᠱᠠᠰᠲᠢᠷ ᠵᠤᠬᠢᠶᠠᠯ ᠠᠴᠠ ᠢᠯᠭᠠᠭᠳᠠᠬᠤ ᠮᠦᠨ ᠴᠢᠨᠠᠷ ᠤᠨ ᠣᠨᠴᠠᠯᠢᠭ ᠪᠤᠯᠬᠤ ᠪᠦᠭᠡᠳ ᠤᠳᠬ᠎ᠠ ᠵᠤᠬᠢᠶᠠᠯ ᠤᠨ ᠭᠤᠤᠯ ᠡᠭᠦᠷᠭᠡ ᠪᠤᠶᠤ ᠵᠤᠷᠢᠯᠭ᠎ᠠ ᠪᠤᠯ ᠭᠤᠤ᠎ᠠ ᠰᠠᠢ᠌ᠬᠠᠨ ᠢ ᠪᠦᠲᠦᠭᠡᠬᠦ ᠶᠠᠪᠤᠳᠠᠯ ᠮᠦᠨ ᠭᠡᠰᠡᠨ ᠦᠵᠡᠯᠲᠡ ᠪᠤᠯᠤᠨ᠎ᠠ᠃ ᠦᠭᠦᠯᠡᠯ ᠳᠦ ᠵᠤᠬᠢᠰᠲᠤ ᠠᠶᠠᠯᠭᠤ ᠭᠡᠳᠡᠭ ᠶᠠᠭᠤ ᠪᠤᠯᠬᠤ ᠲᠤᠬᠠᠢ ᠲᠤᠮᠢᠶᠠᠯᠠᠯ᠂ ᠵᠤᠬᠢᠰᠲᠤ ᠠᠶᠠᠯᠭᠤᠨ ᠤ ᠠᠮᠢ᠂ ᠵᠤᠬᠢᠰᠲᠤ ᠠᠶᠠᠯᠭᠤᠨ ᠤ ᠠᠷᠪᠠᠨ ᠡᠷᠳᠡᠮ᠂ ᠵᠤᠬᠢᠰᠲᠤ ᠠᠶᠠᠯᠭᠤᠨ ᠤ ᠴᠢᠮᠡᠭ ᠪᠡ ᠭᠡᠮ ᠦᠨ ᠣᠨᠣᠯ ᠦᠵᠡᠯᠲᠡ ᠵᠡᠷᠭᠡ ᠳᠦ ᠢᠯᠡᠷᠡᠭᠰᠡᠨ ᠭᠤᠤ᠎ᠠ ᠲᠠᠭᠠᠰᠢᠶᠠᠬᠤᠢ ᠶᠢᠨ ᠲᠤᠬᠠᠢ ᠦᠵᠡᠯᠲᠡ ᠶᠢ ᠰᠦᠪᠡᠭ᠍ᠴᠢᠡᠵᠦ᠂ ᠲᠡᠳᠡᠨ ᠦ ᠭᠤᠤ᠎ᠠ ᠲᠠᠭᠠᠰᠢᠶᠠᠬᠤᠢ ᠶᠢᠨ ᠦᠵᠡᠯᠲᠡ ᠪᠤᠯ ᠬᠦᠰᠡᠯ ᠦᠨ ᠲᠠᠪᠤᠨ ᠡᠳᠡᠮ ᠳᠦ ᠰᠢᠲᠦᠭᠰᠡᠨ ᠰᠡᠳᠬᠢᠯ ᠳᠦ ᠵᠤᠬᠢᠰᠲᠤ ᠭᠤᠤ᠎ᠠ ᠲᠠᠭᠠᠰᠢᠶᠠᠬᠤᠢ ᠶᠢᠨ ᠦᠵᠡᠯᠲᠡ᠂ ᠭᠠᠳᠠᠭᠠᠳᠤ ᠬᠡᠯᠪᠡᠷᠢ ᠪᠡ ᠳᠤᠲᠤᠭᠠᠳᠤ ᠠᠭᠤᠯᠭ᠎ᠠ ᠤᠶᠠᠯᠳᠤᠭᠰᠠᠨ ᠳᠠᠭᠤᠨ ᠤᠳᠬ᠎ᠠ ᠶᠢᠨ ᠭᠤᠤ᠎ᠠ ᠰᠠᠢ᠌ᠬᠠᠨ ᠤ ᠰᠤᠪᠢᠯᠲᠠ᠂ ᠤᠳᠬ᠎ᠠ ᠵᠤᠬᠢᠶᠠᠯ ᠤᠨ ᠣᠯᠠᠨ ᠳᠡᠭᠳᠡᠷᠯᠢᠭᠲᠦ ᠭᠤᠤ᠎ᠠ ᠲᠠᠭᠠᠰᠢᠶᠠᠬᠤᠢ ᠶᠢᠨ ᠦᠵᠡᠯᠲᠡ᠂ ᠡᠷᠬᠢᠮ ᠳᠡᠭᠡᠳᠦ ᠪᠡ ᠢᠷᠠᠭᠤ ᠦᠵᠡᠰᠭᠦᠯᠡᠩ ᠤᠶᠠᠯᠳᠤᠭᠰᠠᠨ ᠬᠤᠲᠠᠯᠠ ᠲᠡᠭᠦᠯᠳᠡᠷ ᠭᠤᠤ᠎ᠠ ᠰᠠᠢ᠌ᠬᠠᠨ ᠤ ᠦᠵᠡᠯᠲᠡ ᠪᠤᠯᠤᠨ᠎ᠠ ᠭᠡᠰᠡᠨ ᠦᠵᠡᠯᠲᠡ ᠳᠡᠪᠰᠢᠭᠦᠯᠦᠭᠰᠡᠨ ᠪᠠᠢ᠌ᠨ᠎ᠠ᠃ |
Original Literature |
View Original Paper
|
出自 |
中国蒙古学
2012年
第6期
|