Title |
ᠬᠤᠪᠢ ᠬᠦᠮᠦᠨ ᠱᠠᠩᠨᠠᠯ ᠲᠠᠯᠪᠢᠨ ᠬᠤᠤᠷᠯᠠᠭᠴᠢ ᠪᠠᠷᠢᠪᠴᠢᠯᠠᠬᠤ ᠬᠢᠭᠡᠳ ᠡᠷᠡᠭᠦᠦ ᠶᠢᠨ ᠲᠠᠩᠨᠠᠨ ᠪᠠᠢᠴᠠᠭᠠᠬᠤ ᠡᠷᠬᠡ ᠶᠢᠨ ᠮᠦᠷᠭᠦᠯᠳᠦᠭᠡᠨ ᠢ ᠦᠭᠦᠯᠡᠬᠦ ᠨᠢ |
Creator |
ᠲᠡᠭᠰᠢ |
Keyword |
ᠬᠤᠪᠢ ᠬᠦᠮᠦᠨ ᠱᠠᠩᠨᠯ ᠲᠠᠯᠪᠢᠨ ᠬᠤᠤᠷᠯᠠᠭᠴᠢ ᠪᠠᠷᠢᠪᠴᠢᠯᠠᠬᠤ; ᠲᠠᠩᠨᠠᠨ ᠪᠠᠢ᠌ᠴᠠᠭᠠᠬᠤ ᠡᠷᠬᠡ; ᠮᠦᠷᠭᠦᠯᠳᠦᠭᠡᠨ |
Abstract |
ᠣᠢ᠌ᠷ᠎ᠠ ᠶᠢᠨ ᠵᠢᠯ ᠳᠦ ᠡᠷᠡᠭᠦᠦ ᠶᠢᠨ ᠬᠡᠷᠡᠭ ᠲᠠᠩᠨᠠᠨ ᠪᠠᠢ᠌ᠴᠠᠭᠠᠬᠤ ᠶᠠᠪᠤᠴᠠ ᠳᠤ ᠬᠡᠷᠡᠭ ᠲᠦ ᠬᠤᠯᠪᠤᠭᠳᠠᠭᠰᠠᠨ ᠬᠦᠮᠦᠨ ᠪᠤᠶᠤ ᠭᠡᠷ ᠪᠦᠯᠢ ᠶᠢᠨ ᠬᠦᠮᠦᠨ ᠦᠪᠡᠷ ᠦᠨ ᠰᠠᠢ᠌ᠨ ᠳᠤᠷ᠎ᠠ ᠠᠴᠠ ᠪᠠᠨ ᠵᠤᠭᠤᠰ ᠮᠦᠩᠭᠦ ᠭᠠᠷᠭᠠᠵᠤ ᠦᠪᠡᠷ ᠦᠨ ᠨᠡᠷ᠎ᠡ ᠪᠡᠷ ᠱᠠᠩᠨᠠᠯ ᠲᠠᠯᠪᠢᠨ ᠬᠤᠤᠷᠯᠠᠭᠴᠢ ᠪᠠᠷᠢᠪᠴᠢᠯᠠᠬᠤ ᠦᠵᠡᠭᠳᠡᠯ ᠪᠤᠢ ᠪᠤᠯᠵᠤ᠂ ᠲᠤᠰ ᠦᠢᠯᠡ ᠠᠵᠢᠯᠯᠠᠭ᠎ᠠ ᠶᠢᠨ ᠬᠠᠤᠯᠢ ᠳᠤ ᠨᠡᠢ᠌ᠴᠡᠬᠦ ᠴᠢᠨᠠᠷ ᠪᠠ ᠬᠢᠵᠦ ᠪᠤᠯᠬᠤ ᠴᠢᠨᠠᠷ ᠤᠨ ᠲᠤᠬᠠᠢ ᠦᠢᠯᠡᠳᠦᠯᠭᠡ ᠳᠤᠮᠳᠠ ᠰᠢᠨᠵᠢᠯᠡᠨ ᠰᠤᠳᠤᠯᠬᠤ ᠴᠢᠬᠤᠯᠠ ᠬᠡᠷᠡᠭᠴᠡᠭᠡ ᠪᠤᠢ ᠪᠤᠯᠵᠠᠢ᠃ ᠲᠤᠰ ᠦᠭᠦᠯᠡᠯ ᠳᠦ ᠠᠷᠠᠳ ᠢᠷᠭᠡᠳ ᠬᠤᠪᠢ ᠪᠠᠷ ᠢᠶᠠᠨ ᠱᠠᠩᠨᠯ ᠲᠠᠯᠪᠢᠨ ᠬᠤᠤᠷᠯᠠᠭᠴᠢ ᠪᠠᠷᠢᠪᠴᠢᠯᠠᠬᠤ ᠬᠢᠭᠡᠳ ᠳᠤᠲᠤᠭᠠᠳᠤ ᠶᠢ ᠬᠠᠮᠠᠭᠠᠯᠠᠬᠤ ᠪᠠᠢ᠌ᠭᠤᠯᠭ᠎ᠠ ᠶᠢᠨ ᠲᠠᠩᠨᠠᠨ ᠪᠠᠢ᠌ᠴᠠᠭᠠᠬᠤ ᠡᠷᠬᠡ ᠶᠢᠨ ᠬᠤᠭᠤᠷᠤᠨᠳᠤ ᠭᠠᠷᠴᠤ ᠪᠠᠢ᠌ᠭ᠎ᠠ ᠮᠦᠷᠭᠦᠯᠳᠦᠭᠡᠨ ᠦ ᠠᠰᠠᠭᠤᠳᠠᠯ ᠢ ᠵᠠᠳᠠᠯᠤᠨ ᠰᠢᠨᠵᠢᠯᠡᠵᠦ᠂ ᠱᠠᠩ᠋ᠨᠠᠯ ᠲᠠᠯᠪᠢᠬᠤ ᠳᠦᠷᠢᠮ ᠢ ᠬᠡᠷᠬᠢᠨ ᠪᠦᠷᠢᠨ ᠲᠡᠭᠦᠯᠳᠡᠷ ᠪᠤᠯᠭᠠᠬᠤ ᠲᠤᠬᠠᠢ ᠬᠤᠪᠢ ᠶᠢᠨ ᠰᠠᠨᠠᠯ ᠢᠶᠠᠨ ᠲᠤᠭᠠᠴᠢᠨ ᠦᠭᠦᠯᠡᠵᠦ᠂ ᠳᠤᠲᠤᠭᠠᠳᠤ ᠶᠢ ᠬᠠᠮᠠᠭᠠᠯᠠᠬᠤ ᠬᠠᠤᠯᠢ ᠴᠠᠭᠠᠵᠠ ᠶᠢᠨ ᠪᠤᠳᠠᠲᠤ ᠦᠢᠯᠡᠳᠦᠯᠭᠡ ᠳᠦ ᠨᠡᠩ ᠰᠠᠢ᠌ᠨ ᠦᠢᠯᠡᠴᠢᠯᠡᠬᠦ ᠶᠢ ᠵᠤᠷᠢᠭᠰᠠᠨ ᠪᠠᠢ᠌ᠨ᠎ᠠ᠃ |
Original Literature |
View Original Paper
|
出自 |
内蒙古师范大学学报
2005年
第3期
|