Abstract |
ᠮᠣᠩᠭᠤᠯ ᠦᠨᠳᠦᠰᠦᠲᠡᠨ ᠶᠡᠷᠦ ᠨᠢ ᠬᠠᠤᠯᠢ ᠲᠦᠷᠢᠮᠵᠢᠭᠰᠡᠨ ᠦᠨᠳᠦᠰᠦᠲᠡᠨ ᠬᠡᠯᠲᠡᠢ᠃ ᠲᠡᠷᠡᠴᠢᠯᠠᠨ ᠲᠡᠯᠡᠭᠡᠢ ᠶᠢᠨ ᠲᠡᠦᠬᠡᠨ ᠲᠠᠪᠴᠠᠩ ᠳ᠋ᠤ ᠠᠩᠬ ᠠ ᠠᠯᠬᠤᠨ ᠭᠠᠷᠤᠭᠰᠠᠨ ᠲᠡᠷᠡ ᠴᠠᠭ ᠡᠴᠡ ᠡᠬᠢᠯᠡᠨ᠂ ᠬᠠᠤᠯᠢ ᠴᠠᠭᠠᠵᠠ ᠵᠢ ᠭᠠᠷᠲᠠᠨ ᠲᠤᠭᠲᠠᠭᠠᠵᠤ᠂ ᠬᠠᠤᠯᠢ ᠲᠦᠷᠢᠮ ᠢᠢᠡᠷ ᠲᠦᠷᠦ ᠬᠦᠷᠦᠨ ᠢᠢᠡᠨ ᠵᠠᠰᠠᠭᠠᠳ᠂ ᠴᠡᠷᠢᠭ ᠤᠨ ᠶᠠᠪᠤᠳᠠᠯ᠂ ᠤᠯᠤᠰ ᠲᠦᠷᠦ᠂ ᠠᠵᠤ ᠠᠬᠤᠢ ᠵᠡᠷᠭᠡ ᠡᠯ ᠠ ᠲᠠᠯ ᠠ ᠪᠡᠷ ᠠᠤᠭ᠎ᠠ ᠵᠢᠰᠬᠦᠯ ᠢ ᠭᠠᠷᠭᠠᠭᠰᠠᠨ ᠶᠣᠮ ᠭᠡᠳᠡᠭ ᠢ ᠵᠦᠢ ᠶᠣᠰᠤᠭᠠᠷ ᠦᠨᠡᠯᠡᠬᠦ ᠶᠣᠰᠤᠲᠠᠢ᠃ ᠰᠡᠭᠦᠯᠡᠷ ᠨᠢ ᠲᠡᠦᠬᠡ ᠶᠢᠨ ᠪᠠᠢᠳᠠᠯ ᠲᠦᠮᠡ ᠪᠣᠮ ᠬᠤᠪᠢᠷᠠᠵᠤ᠂ ᠲᠦᠷᠦ ᠬᠦᠷᠦᠨ ᠬᠡᠷᠬᠢᠨ ᠤᠯᠠᠷᠢᠵᠤ ᠰᠣᠯᠢᠭᠳᠠᠭᠰᠠᠨ ᠴᠦ᠂ ᠮᠣᠩᠭᠤᠯ ᠤᠨ ᠬᠠᠤᠯᠢ ᠴᠠᠭᠠᠵᠠ ᠲᠤᠭᠲᠠᠭᠠᠬᠤ᠂ᠬᠠᠤᠯᠢ ᠲᠦᠷᠢᠮ ᠢ ᠶᠠᠪᠤᠭᠤᠯᠬᠤ ᠠᠵᠢᠯᠯᠠᠭ ᠴᠣᠴᠠᠯᠲᠠ ᠦᠭᠡᠢ ᠶᠠᠪᠤᠭᠳᠠᠭᠰᠠᠭᠠᠷ ᠢᠷᠡᠭᠰᠡᠨ ᠪᠦᠭᠡᠳ ᠡᠳᠡᠭᠡᠷ ᠬᠠᠤᠯᠢ ᠲᠤᠭᠳᠠᠭᠠᠯ ᠬᠢᠭᠡᠳ ᠴᠠᠭᠠᠵᠠ ᠵᠠᠷᠯᠢᠭ ᠨᠢ ᠨᠢᠭᠡᠨ ᠬᠡᠯᠬᠢᠶ ᠠ ᠬᠡᠷᠡᠯᠲᠦ ᠰᠣᠪᠤᠳ ᠰᠢᠭ ᠦᠩᠬᠡ ᠭᠡᠷᠡᠯ ᠰᠠᠴᠤᠷᠠᠵᠤ᠂ ᠲᠡᠯᠡᠭᠡᠢ ᠲᠠᠶᠠᠭᠠᠷ ᠤᠯᠠᠮᠵᠢᠯᠠᠭᠳᠠᠨ ᠲᠠᠷᠬᠠᠵᠤ᠂ ᠬᠦᠷᠰᠢ ᠵᠡᠷᠭᠡᠯᠡᠳᠡᠭᠡ ᠤᠯᠠᠨ ᠤᠯᠤᠰ ᠬᠦᠷᠦᠨ ᠤ ᠰᠤᠷᠴᠤ ᠯᠠᠪᠯᠠᠬᠤ ᠰᠦᠪᠡᠭᠴᠢ ᠲᠠᠭᠤᠷᠢᠶᠠᠯ ᠪᠣᠯᠵᠤ᠂ ᠬᠠᠷᠢ ᠦᠨᠳᠦᠰᠦᠲᠡᠨ ᠤ ᠬᠠᠤᠯᠢ ᠴᠠᠭᠠᠵᠠ ᠶᠢᠨ ᠴᠣᠭᠴᠠᠯᠠᠯᠲᠠ ᠳ᠋ᠤ ᠲᠤᠩ ᠬᠦᠨ ᠬᠦᠨᠵᠡᠭᠡᠢ ᠨᠦᠦᠭᠡ ᠲᠤᠰᠬᠠᠢ ᠦᠵᠡᠬᠦᠯᠦᠭᠰᠡᠨ ᠪᠠᠢᠨ ᠠ᠃ |