Paper Information


Title ᠡᠷᠳᠡᠨ ᠤ ᠮᠤᠩᠭᠤᠯ ᠬᠢᠳᠡᠳ ᠬᠤᠤᠰ ᠬᠡᠯᠡᠨ ᠤ ᠴᠢᠳᠠᠪᠤᠷᠢᠳᠡᠨ ᠤ ᠬᠦᠮᠦᠵᠢᠯ ᠤᠨ ᠴᠢᠬᠤᠯᠠ ᠴᠢᠨ᠋ᠠᠷ
Creator ᠲᠤᠨᠩ ᠰᠡᠴᠡᠨ
Keyword ᠡᠷᠳᠡᠨ ᠤ ᠦᠶ᠎ᠡ; ᠮᠤᠩᠭᠤᠯ ᠬᠢᠳᠡᠳ ᠬᠤᠤᠰ ᠬᠡᠯᠡ; ᠵᠢᠭ᠋ᠠᠨ ᠰᠤᠷᠭ᠋ᠠᠯᠳᠠ; ᠴᠢᠳᠠᠪᠤᠷᠢᠳᠡᠨ
Abstract ᠮᠤᠩᠭᠤᠯ ᠦᠰᠤ᠌ᠭ᠌ ᠪᠢᠴᠢᠭ ᠤᠨ ᠪᠤᠢ ᠪᠤᠯᠤᠭᠰᠠᠨ ᠨᠢ ᠮᠤᠩᠭᠤᠯᠴᠤᠳ ᠤᠨ ᠰᠤᠶᠤᠯ ᠢ ᠲᠡᠯᠡᠭᠡᠢ ᠶᠢᠨ ᠰᠤᠶᠤᠯ ᠲᠠᠢ ᠤᠯᠠᠮ ᠤᠢᠷᠠᠳᠤᠭ᠋ᠤᠯᠵᠦ᠂ ᠶᠤᠸᠠᠨ ᠤᠯᠤᠰ ᠤᠨ ᠦᠶ᠎ᠡ ᠳᠤ ᠮᠤᠩᠭᠤᠯ ᠬᠢᠳᠡᠳ ᠬᠡᠯᠡᠨ ᠳᠤ ᠨᠡᠪᠳᠡᠷᠬᠡᠢ ᠴᠢᠳᠠᠪᠤᠷᠢᠳᠡᠨ ᠤ ᠬᠦᠮᠦᠵᠢᠯ ᠢ ᠬᠦᠨᠳᠤᠳᠭᠡᠵᠦ ᠪᠠᠢᠭᠰᠠᠨ ᠪᠦᠭᠡᠳ ᠡᠢᠮᠦᠷᠬᠦᠤ ᠴᠢᠳᠠᠪᠤᠷᠢᠳᠡᠨ ᠤᠯᠠᠨ ᠴᠤᠯᠭ᠋ᠤᠷᠠᠵᠦ ᠪᠠᠢᠪᠡ᠃ ᠤᠯᠤᠰ ᠤᠨ ᠲᠤᠳᠤᠭ᠋ᠠᠳᠤ ᠬ᠋ᠠᠳᠠᠭ᠋ᠠᠳᠤ ᠶᠢᠨ ᠵᠠᠷᠯᠢᠭ ᠪᠢᠴᠢᠭ᠂ ᠬᠠᠷᠢᠯᠴᠠᠭ᠋ᠠᠨ ᠤ ᠵᠠᠬᠢᠳᠠᠯ ᠴᠢᠮᠡᠭᠡ ᠵᠡᠷᠭᠡ ᠨᠢ ᠮᠤᠩᠭᠤᠯ ᠬᠢᠳᠡᠳ ᠬᠤᠤᠰ ᠬᠡᠯᠡ ᠪᠡᠷ ᠪᠢᠴᠢᠭᠳᠡᠬᠦ ᠨᠢ ᠤᠯᠠᠨ ᠪᠠᠢᠵᠦ᠂ ᠵᠠᠰᠠᠭ ᠤᠨ ᠤᠷᠳᠤᠨ ᠡᠴᠨ ᠰᠤᠷᠭ᠋ᠠᠭ᠋ᠤᠯᠢ ᠡᠷᠬᠢᠯᠡᠵᠦ ᠮᠤᠩᠭᠤᠯ ᠸᠠᠩ ᠭᠦᠩ ᠤᠨ ᠦᠷ᠎ᠡ ᠬᠤᠡᠢᠴᠢᠰ ᠡᠴᠨ ᠲᠡᠷᠢᠬᠦᠯᠡᠨ ᠮᠤᠩᠭᠤᠯ ᠬᠢᠳᠡᠳ ᠬᠤᠤᠰ ᠬᠡᠯᠡ ᠪᠡᠷ ᠵᠢᠭ᠋ᠠᠨ ᠰᠤᠷᠭ᠋ᠠᠵᠦ ᠪᠠᠢᠵᠡᠢ᠃ ᠢᠩᠬᠢᠬᠦᠯᠡᠷ ᠮᠤᠩᠭᠤᠯ ᠬᠢᠳᠡᠳ ᠬᠤᠤᠰ ᠬᠡᠯᠡᠡ ᠤ ᠵᠢᠭ᠋ᠠᠨ ᠰᠤᠷᠭ᠋ᠠᠯᠳᠠ ᠬᠢᠭᠡᠳ ᠮᠤᠩᠭᠤᠯ ᠬᠢᠳᠡᠳ ᠬᠡᠯᠡᠨ ᠳᠤ ᠨᠡᠪᠳᠡᠷᠡᠭᠰᠡᠨ ᠴᠢᠳᠠᠪᠤᠷᠢᠳᠡᠨ ᠤ ᠬᠦᠮᠦᠵᠢᠯ ᠶᠤᠸᠠᠠ ᠤᠯᠤᠰ ᠪᠡᠷ ᠨᠢᠬᠡᠨᠳᠡ ᠡᠬᠢᠯᠡᠭᠰᠡᠨ ᠪᠠᠢᠨ᠎ᠠ᠃ ᠦᠬᠦᠯᠡᠯ ᠳᠤ ᠂ ᠶᠤᠸᠠᠨ ᠂ ᠮᠢᠩ᠂ ᠴᠢᠩ ᠭᠤᠷᠪᠠᠨ ᠲᠦᠷᠦ ᠶᠢᠨ ᠮᠤᠩᠭᠤᠯ ᠬᠢᠳᠡᠳ ᠲᠤᠯᠢ ᠪᠢᠴᠢᠭ ᠤᠨ ᠨᠠᠢᠷᠠᠭ᠋ᠤᠯᠤᠯ ᠬᠢᠭᠡᠳ ᠮᠤᠩᠭᠤᠯ ᠬᠢᠳᠡᠳ ᠬᠤᠤᠰ ᠬᠡᠯᠡᠡ ᠤ ᠵᠢᠭ᠋ᠠᠨ ᠰᠤᠷᠭ᠋ᠠᠯᠳᠠ ᠵᠢ ᠠᠵᠢᠭᠯᠠᠵᠦ᠂ ᠲᠤᠬᠠᠢ ᠶᠢᠨ ᠬᠤᠤᠰ ᠬᠡᠯᠡᠡ ᠤ ᠰᠤᠷᠴᠦ ᠬᠡᠷᠡᠭᠯᠡᠵᠦ ᠪᠠᠢᠭᠰᠠᠨ ᠪᠠᠢᠳᠠᠯ ᠵᠢᠴᠢ ᠲᠡᠤᠭᠡᠨ ᠠᠴᠢ ᠬᠤᠯᠪᠤᠭᠳᠠᠯ ᠢ ᠰᠢᠨᠵᠢᠯᠡᠨ ᠦᠬᠦᠯᠡᠪᠡ᠃
Original Literature View Original Paper
出自 中国蒙古学 2014年 第5期

联系我们


内蒙古大学图书馆
呼和浩特市大学西路235号
中国·内蒙古
P: (0471) 4992561
E: huangfeilong@imu.edu.cn