Title |
ᠬᠤᠷᠴᠢᠨ ᠤ ᠨᠤᠳᠤᠭ ᠤᠰᠤᠨ ᠤ ᠲᠤᠭᠤᠵᠢᠰ ᠲᠡᠬᠢ ᠴᠠᠭᠠᠴᠢᠯᠠᠨ ᠢᠷᠡᠭᠰᠡᠳ ᠤᠨ ᠲᠦᠷᠢ ᠳᠤ ᠢᠯᠡᠷᠡᠭᠰᠡᠨ ᠦᠪᠡᠷᠮᠢᠴᠡ ᠰᠤᠶᠤᠯ ᠰᠡᠳᠭᠢᠴᠡ — 《ᠮᠤᠩᠭ᠋ᠤᠯᠵᠢᠨ ᠠᠪᠤ》ᠭᠡᠬᠦ ᠠᠳᠠᠯᠢ ᠭᠠᠷᠴᠠᠭᠳᠤ ᠬᠤᠶᠠᠷ ᠲᠤᠭᠤᠵᠢᠰ ᠶᠢᠡᠷ ᠵᠢᠱᠢᠶᠡᠯᠡᠬᠦ ᠨᠢ |
Creator |
ᠲᠤ᠋ • ᠲᠡᠮᠦᠷᠪᠠᠭᠠᠨ᠎ᠠ |
Keyword |
ᠬᠤᠷᠴᠢᠨ ᠤ ᠨᠤᠳᠤᠭ ᠤᠰᠤᠨ ᠤ ᠲᠤᠭᠤᠵᠢᠰ; ᠴᠠᠭᠠᠴᠢᠯᠠᠨ ᠢᠷᠡᠭᠰᠡᠳ; ᠮᠤᠩᠭ᠋ᠤᠯᠵᠢᠨ ᠠᠪᠤ; ᠰᠤᠶᠤᠯ ᠰᠡᠳᠭᠢᠴᠡ |
Abstract |
《ᠮᠤᠩᠭ᠋ᠤᠯᠵᠢᠨ ᠠᠪᠤ》ᠭᠡᠬᠦ ᠢᠵᠢᠯ ᠰᠡᠳᠦᠪᠯᠡᠭᠦᠨᠳᠦ ᠬᠤᠶᠠᠷ ᠲᠤᠭᠤᠵᠢᠰ ᠲᠡᠬᠢ ᠬᠤᠶᠠᠷ ᠮᠤᠩᠭ᠋ᠤᠯᠵᠢᠨ ᠠᠪᠤ ᠪᠤᠯ ᠬᠤᠷᠴᠢᠨ ᠨᠤᠳᠤᠭ ᠡᠴᠡ ᠨᠡᠩ ᠡᠷᠳᠡᠨ ᠲᠠᠷᠢᠶᠠᠯᠠᠬᠤ ᠰᠤᠶᠤᠯ ᠲᠠᠢ ᠤᠢ᠌ᠷᠠᠳᠤᠭᠰᠠᠨ ᠮᠤᠩᠭ᠋ᠤᠯᠵᠢᠨ ᠬᠤᠰᠢᠭᠤ ᠡᠴᠡ ᠬᠤᠷᠴᠢᠨ ᠳᠤ ᠴᠠᠭᠠᠴᠢᠯᠠᠵᠤ ᠢᠷᠡᠭᠰᠡᠨ ᠠᠩᠬᠠᠨ ᠤ ᠦᠶ᠎ᠡ ᠶᠢᠨ ᠲᠠᠷᠢᠶᠠᠴᠢᠨ (ᠨᠤᠭᠤᠭᠠᠴᠢᠨ) ᠪᠠᠢ᠌ᠵᠤ᠂ ᠡᠭᠡᠳᠡᠷᠡᠭᠡᠨ ᠪᠤᠳᠤᠯᠢᠶᠠᠨᠳᠤ ᠶᠢᠷᠳᠢᠨᠴᠦ ᠶᠢᠨ ᠡᠯᠳᠡᠪ ᠤᠴᠠᠷᠠᠯ ᠢ ᠨᠡᠩ ᠭᠦᠨᠵᠡᠭᠡᠢ ᠤᠢ᠌ᠯᠠᠭᠠᠵᠤ ᠶᠠᠪᠤᠭᠰᠠᠨ ᠤ ᠲᠡᠭᠡᠷ᠎ᠡ ᠪᠠᠰᠠ ᠦᠢᠯᠡᠳᠪᠦᠷᠢᠯᠡᠯ ᠤᠨᠳᠤᠷᠤᠯᠭ᠎ᠠ ᠶᠢᠨ ᠬᠢᠨᠢ ᠠᠳᠠᠯᠢ ᠪᠤᠰᠤ ᠡᠴᠡ ᠪᠤᠯᠵᠤ᠂ ᠬᠤᠷᠴᠢᠨ ᠤ ᠮᠠᠯᠵᠢᠬᠤ ᠰᠤᠶᠤᠯ ᠤᠨ ᠡᠰᠡᠷᠭᠦᠴᠡᠯ ᠭᠠᠳᠠᠭᠤᠷᠴᠢᠯᠠᠯ ᠢ ᠤᠯᠤᠭᠰᠠᠭᠠᠷ ᠪᠠᠢ᠌ᠭᠰᠠᠨ ᠤ ᠲᠤᠯᠠᠳᠠ ᠲᠡᠳᠡ ᠨᠠᠷ ᠤᠨ ᠵᠠᠩ ᠴᠢᠨᠠᠷ ᠨᠢ ᠬᠦᠨᠳᠦ ᠴᠢᠬᠢᠮᠡᠢ᠂ ᠬᠢᠨᠠᠭᠤᠷ ᠯᠠᠪᠳᠠᠭᠤᠨ ᠶᠢᠡᠷ ᠭᠤᠤᠯᠳᠠᠵᠤ᠂ ᠦᠩᠭᠡᠨ ᠲᠡᠭᠡᠷ᠎ᠡ ᠪᠠᠨ ᠦᠭᠡ ᠲᠠᠭᠤᠨ ᠴᠦᠬᠡᠨ ᠲᠠᠢ ᠪᠡᠷ ᠠᠮᠢᠳᠤᠷᠠᠵᠤ ᠢᠷᠡᠭᠰᠡᠳ ᠪᠤᠶᠤ ᠡᠰᠡᠭᠦᠯ᠎ᠡ ᠦᠭᠦᠯᠡᠵᠦ ᠦᠴᠢᠬᠦ ᠳᠡᠭᠡᠨ ᠬᠤᠯᠠ ᠪᠤᠳᠤᠯᠭ᠎ᠠ ᠠᠯᠤᠰ ᠤᠨ ᠬᠠᠷᠠᠴᠠ ᠶᠢ ᠠᠬᠤᠭᠤᠯᠵᠤ ᠶᠠᠪᠤᠭᠰᠠᠳ ᠤᠨ ᠲᠦᠷᠢ ᠪᠠᠢ᠌ᠪᠠᠴᠤ ᠲᠤᠭᠤᠵᠢᠰ ᠤᠨ ᠶᠢᠷᠳᠢᠨᠴᠦ ᠳᠤ ᠴᠤᠬᠤᠮ ᠬᠦ ᠲᠤᠳᠤᠷ ᠲᠠᠮᠢᠷᠯᠢᠭ᠋᠂ ᠲᠡᠰᠪᠦᠷᠢ ᠲᠡᠪᠴᠢᠶᠡᠷᠢᠳᠦ ᠤᠶᠤᠯᠢᠭ ᠵᠤᠷᠢᠭ ᠰᠠᠨᠠᠭ᠎ᠠ ᠪᠦᠬᠦᠢ ᠦᠪᠡᠷᠮᠢᠴᠡ ᠰᠤᠶᠤᠯ ᠰᠡᠳᠭᠢᠴᠡ ᠲᠠᠢ ᠪᠡᠷ ᠢᠯᠡᠷᠡᠭᠡᠳ᠂ ᠭᠡᠳᠡᠷ ᠭᠠᠩᠳᠠᠭᠤᠨ ᠦᠭᠡ ᠬᠡᠯᠡ ᠲᠡᠭᠡᠷ᠎ᠡ ᠪᠠᠨ ᠪᠢᠰᠢ᠂ ᠬᠠᠷᠢᠨ ᠬᠡᠯᠡᠵᠦ ᠬᠢᠬᠦ ᠪᠠᠨ ᠨᠢᠭᠡᠳᠭᠡᠵᠦ ᠶᠠᠪᠤᠳᠠᠭ ᠦᠢᠯᠡ ᠠᠵᠢᠯᠯᠠᠭ᠎ᠠ ᠵᠢᠴᠢ ᠭᠡᠷ ᠲᠡᠷᠭᠡ᠂ ᠠᠳᠠᠯ ᠤᠳᠤᠷᠤᠯᠭᠠ ᠲᠡᠭᠡᠷ᠎ᠡ ᠪᠠᠨ ᠵᠢᠩᠭᠢᠨᠢ ᠡᠷ᠎ᠡ ᠰᠢᠨᠳᠠᠰᠤ ᠪᠠᠨ ᠦᠵᠡᠭᠦᠯᠦᠭᠰᠡᠨ ᠬᠤᠷᠴᠢᠨᠴᠤᠳ ᠤᠨ ᠦᠪᠡᠷᠮᠢᠴᠡ ᠨᠢᠭᠡᠨ ᠰᠤᠶᠤᠯ ᠤᠬᠠᠮᠰᠠᠷ ᠢ ᠢᠯᠡᠷᠡᠭᠦᠯᠦᠭᠰᠡᠨ ᠠᠵᠢ᠃ ᠤᠷᠴᠢᠯ ᠤᠨ ᠲᠤᠮᠳᠠ ᠤᠤᠭᠠᠯ ᠰᠤᠶᠤᠯ ᠳᠤ ᠮᠡᠳᠡᠭᠳᠡᠮ᠎ᠡ ᠬᠤᠪᠢᠷᠠᠯᠳᠠ ᠭᠠᠷᠳᠠᠭ᠂ ᠬᠤᠪᠢᠷᠠᠰᠢ ᠦᠭᠡᠢ ᠰᠤᠶᠤᠯ ᠬᠡᠵᠦ ᠤᠷᠤᠰᠢᠳᠠᠭ ᠦᠭᠡᠢ ᠶᠢᠨ ᠶᠤᠰᠤᠨ ᠢ ᠴᠤ ᠲᠤᠰᠬᠠᠨ ᠬᠠᠷᠠᠭᠤᠯᠤᠭᠰᠠᠨ ᠪᠠᠢ᠌ᠵᠠᠢ᠃ |
Original Literature |
View Original Paper
|
出自 |
中国蒙古学
2013年
第5期
|