Paper Information


Title ᠮᠣᠩᠭᠤᠯ ᠠᠨ᠋ᠠᠭ᠋ᠠᠬᠤ ᠤᠬᠠᠭ᠋ᠠᠨ ᠢ ᠨᠡᠭᠡᠭᠡᠨ ᠬᠦᠭᠵᠢᠭᠦᠯᠬᠦ ᠠᠷᠭ᠎ᠠ ᠵᠠᠮ ᠤᠨ ᠲᠤᠬᠠᠢ
Creator ᠪᠠᠢ ᠴᠠᠩ ᠮᠢᠩ
Keyword ᠮᠣᠩᠭᠤᠯ ᠠᠨ᠋ᠠᠭ᠋ᠠᠬᠤ ᠤᠬᠠᠭ᠋ᠠᠨ; ᠬᠦᠭᠵᠢᠭᠦᠯᠬᠦ ᠠᠷᠭ᠎ᠠ ᠵᠠᠮ
Abstract ᠮᠣᠩᠭᠤᠯ ᠠᠨ᠋ᠠᠭ᠋ᠠᠬᠤ ᠤᠬᠠᠭ᠋ᠠᠨ ᠢ ᠰᠤᠳᠤᠯᠵᠤ ᠬᠦᠭᠵᠢᠭᠦᠯᠬᠦ ᠨᠢ ᠨᠡᠢᠭᠡᠮ ᠦᠨ ᠬᠦᠭᠵᠢᠯᠲᠡ ᠶᠢᠨ ᠪᠤᠰᠤᠳᠴᠢ ᠱᠠᠭ᠋ᠠᠷᠳᠠᠯᠭ᠎ᠠ ᠲᠠᠢ ᠨᠡᠢᠴᠡᠵᠦ᠂ ᠨᠡᠢᠭᠡᠮ ᠦᠨ ᠬᠦᠭᠵᠢᠯᠲᠡ᠂ ᠰᠢᠨᠵᠢᠯᠡᠬᠦ ᠤᠬᠠᠭ᠋ᠠᠨ ᠲᠧᠭᠨ᠋ᠢᠭ ᠮᠡᠷᠭᠡᠵᠢᠯ ᠦᠨ ᠳᠠᠪᠰᠢᠯᠲᠠ ᠨᠢ ᠮᠣᠩᠭᠤᠯ ᠠᠨ᠋ᠠᠭ᠋ᠠᠬᠤ ᠤᠬᠠᠭ᠋ᠠᠨ ᠢ ᠰᠤᠳᠤᠯᠵᠤ ᠬᠦᠭᠵᠢᠭᠦᠯᠬᠦ ᠳᠦ ᠨᠦᠬᠦᠴᠡᠯ ᠳᠤᠬᠢᠶᠠᠯ ᠢ ᠪᠦᠷᠢᠯᠳᠦᠭᠦᠯᠦᠨ ᠦᠭᠴᠦ ᠪᠠᠢᠨ᠎ᠠ᠃ ᠡᠭᠦᠨ ᠳᠦ᠂ ᠨᠢᠭᠡ ᠳᠦ ᠦᠪᠡᠷ ᠦᠨ ᠳᠠᠪᠠᠭ᠋ᠤᠯᠢᠭ ᠢᠶᠠᠨ ᠪᠠᠳᠠᠷᠠᠭ᠋ᠤᠯᠤᠨ᠂ ᠳᠤᠳᠠᠭᠳᠠᠯ ᠲᠠᠢ ᠲᠠᠯ ᠠ ᠪᠠᠨ ᠲᠠᠨ᠋ᠢᠬᠤ ᠬᠡᠷᠡᠭᠲᠡᠢ᠃ ᠬᠤᠶᠠᠷ ᠲᠤ᠂ ᠣᠳᠣ ᠦᠶ᠎ᠡ ᠶᠢᠨ ᠰᠢᠨᠵᠢᠯᠡᠬᠦ ᠤᠬᠠᠭ᠋ᠠᠨ ᠲᠧᠭᠨ᠋ᠢᠭ ᠮᠡᠷᠭᠡᠵᠢᠯ ᠦᠨ ᠰᠢᠨ᠎ᠡ ᠠᠷᠭ᠎ᠠ ᠮᠡᠷᠭᠡᠵᠢᠯ ᠢ ᠡᠵᠡᠮᠰᠢᠭᠰᠡᠨ ᠪᠠᠢᠬᠤ ᠬᠡᠷᠡᠭᠲᠡᠢ᠃ ᠭᠤᠷᠪᠠ ᠳᠤ᠂ ᠡᠷᠬᠡᠪᠰᠢ ᠦᠪᠡᠷ ᠦᠨ ᠣᠨ᠋ᠣᠯ ᠤᠨ ᠰᠠᠭ᠋ᠤᠷᠢ ᠳᠡᠭᠡᠷ᠎᠎ᠡ ᠰᠠᠭ᠋ᠤᠷᠢᠯᠠᠵᠤ᠂ ᠣᠨ᠋ᠣᠯ ᠤᠨ ᠰᠢᠰᠲ᠋ᠧᠮ ᠡᠴᠡ ᠪᠡᠨ ᠰᠠᠯᠵᠤ ᠪᠤᠯᠬᠤ ᠦᠭᠡᠢ᠃ ᠢᠩᠭᠢᠮᠡᠨᠵᠢᠨ ᠰᠠᠶᠢ ᠮᠣᠩᠭᠤᠯ ᠠᠨ᠋ᠠᠭ᠋ᠠᠬᠤ ᠤᠬᠠᠭ᠋ᠠᠨ ᠤ ᠬᠦᠭᠵᠢᠯᠲᠡ ᠶᠢ ᠪᠦᠬᠦ ᠲᠠᠯ᠎ᠠ ᠪᠠᠷ ᠲᠦᠯᠬᠢᠨ ᠠᠭᠢᠭ᠋ᠤᠯᠬᠤ ᠪᠤᠯᠤᠨ᠎ᠠ᠃
Original Literature No Original Paper
出自 内蒙古民族大学学报(自然科学) 2001年 第1期

联系我们


内蒙古大学图书馆
呼和浩特市大学西路235号
中国·内蒙古
P: (0471) 4992561
E: huangfeilong@imu.edu.cn