Title |
ᠰᠢᠳᠦᠯᠭᠡ ᠪᠢᠰᠢᠷᠡᠯ ᠬᠢᠭᠡᠳ《ᠦᠪᠡᠷ ᠪᠢ》᠋ ᠶᠢᠨ ᠲᠤᠬᠠᠢ ᠡᠷᠢᠯᠬᠢᠯᠡᠯ — ᠭᠦᠸᠸ ᠰᠢᠤᠸᠠᠢ ᠪᠦᠸᠸ ᠶᠢᠨ《ᠲᠡᠭᠷᠢ ᠶᠢᠨ ᠨᠢᠭᠤᠴᠠ》᠋ ᠶᠢ ᠤᠩᠰᠢᠭᠠᠳ |
Creator |
ᠲᠦᠩ ᠶᠦᠩ ᠶᠸ |
Keyword |
ᠭᠦᠸᠸ ᠰᠢᠤᠸᠠᠢ ᠪᠦᠸᠸ; ᠰᠢᠳᠦᠯᠭᠡ ᠪᠢᠰᠢᠷᠡᠯ; 《ᠦᠪᠡᠷ ᠪᠢ》; ᠪᠦᠭᠡ ᠶᠢᠨ ᠱᠠᠰᠢᠨ |
Abstract |
ᠭᠦᠸᠸ ᠰᠢᠤᠸᠠᠢ ᠪᠦᠸᠸ ᠶᠢᠨ《ᠲᠡᠭᠷᠢ ᠶᠢᠨ ᠨᠢᠭᠤᠴᠠ》ᠭᠡᠳᠡᠭ ᠷᠤᠮᠠᠨ ᠪᠤᠯ ᠭᠤᠤᠯᠳᠠᠭᠤ ᠮᠤᠩᠭ᠋ᠤᠯ ᠦᠨᠳᠦᠰᠦᠳᠡᠨ ᠤ ᠪᠠᠯᠠᠷᠯᠢᠭ ᠱᠠᠰᠢᠨ— ᠪᠦᠭᠡ ᠶᠢᠨ ᠱᠠᠰᠢᠨ ᠤ ᠤᠳᠬ᠎ᠠ ᠰᠡᠳᠦᠪᠯᠡᠬᠦᠨ ᠶᠢᠡᠷ ᠭᠤᠤᠯᠯᠠᠵᠤ᠂ ᠷᠤᠮᠠᠨ ᠤ ᠪᠦᠬᠦᠢᠢᠯᠡ ᠦᠯᠢᠭᠡᠷ ᠦᠢᠯᠡ ᠶᠠᠪᠤᠳᠠᠯ ᠂ ᠲᠦᠷᠢ ᠶᠢᠨ ᠦᠢᠯᠡ ᠠᠵᠢᠯᠯᠠᠭ᠎ᠠ ᠶᠢ ᠨᠢ ᠶᠡᠷᠤᠩᠬᠡᠢ ᠳᠤ ᠨᠢ ᠵᠠᠬᠢᠷᠴᠤ ᠪᠠᠢᠢᠭ᠎ᠠ ᠨᠢᠭᠡᠨ ᠭᠤᠤᠯ ᠰᠡᠳᠦᠪ ᠪᠤᠯ ᠲᠠᠷᠤᠢ ᠪᠦᠭᠡ ᠶᠢᠨ ᠱᠠᠰᠢᠨ ᠤ ᠰᠤᠷᠭᠠᠯ ᠶᠤᠮ᠃ ᠲᠤᠰ ᠷᠤᠮᠠᠨ ᠨᠢ ᠬᠡᠳᠦᠢᠢᠪᠡᠷ ᠪᠦᠭᠡ ᠶᠢᠨ ᠱᠠᠰᠢᠨ ᠤ ᠤᠳᠬ᠎ᠠ ᠰᠡᠳᠦᠪ ᠶᠢᠡᠷ ᠵᠤᠬᠢᠶᠠᠯ ᠤᠨ ᠦᠢᠯᠡ ᠶᠠᠪᠤᠳᠠᠯ ᠶᠢᠡᠨ ᠲᠡᠯᠭᠡᠭ᠍ᠰᠡᠨ ᠪᠤᠯᠪᠠᠴᠤ᠂ ᠵᠤᠬᠢᠶᠠᠯ ᠤᠨ ᠬᠦᠨᠳᠦᠴᠡ ᠨᠢ ᠡᠭᠦᠨ ᠳᠤ ᠲᠤᠰᠴᠤ ᠪᠠᠢᠬᠤ ᠪᠢᠰᠢ᠂ ᠬᠠᠷᠢᠨ ᠪᠦᠭᠡ ᠶᠢᠨ ᠱᠠᠰᠢᠨ ᠤ ᠪᠠᠢᠢᠭᠠᠯᠢ ᠪᠠᠨ ᠰᠢᠳᠦᠨ ᠪᠢᠰᠢᠷᠡᠳᠡᠭ ᠤᠴᠢᠷ ᠪᠠ ᠡᠭᠦᠨ ᠡᠴᠡ ᠪᠤᠯᠤᠭᠰᠠᠨ ᠮᠤᠩᠭ᠋ᠤᠯᠴᠤᠳ ᠤᠨ ᠤᠶᠤᠨ ᠰᠠᠨᠠᠭᠠᠨ ᠤ ᠲᠦᠭᠵᠢᠷᠡᠯ ᠢ ᠲᠤᠭᠠᠴᠢᠵᠤ᠂ ᠬᠤᠷᠴᠢᠨ ᠤ ᠲᠠᠯ᠎ᠠ ᠨᠤᠳᠤᠭ ᠤᠨ ᠡᠮᠦᠨᠡᠳᠦ ᠬᠡᠰᠡᠭ ᠤᠨ ᠮᠤᠩᠭ᠋ᠤᠯᠴᠤᠳ ᠤᠨ ᠠᠮᠢᠳᠤᠷᠠᠯ ᠤᠷᠤᠰᠢᠬᠤᠢ ᠶᠢᠨ ᠡᠩ ᠤᠨ ᠨᠢᠭᠡᠨ ᠭᠦᠨ ᠤᠬᠠᠭᠠᠨ ᠤ ᠵᠢᠮ᠎ᠡ ᠶᠤᠰᠤ ᠶᠢ ᠰᠦᠪᠡᠭ᠍ᠴᠢᠯᠡᠨ ᠢᠯᠡᠷᠡᠭᠦᠯᠵᠦ᠂ ᠤᠩᠰᠢᠭᠴᠢᠳ ᠤᠨ ᠰᠡᠳᠭᠢᠯ ᠢ ᠬᠦᠨᠳᠡᠭᠰᠡᠨ ᠳᠤ ᠤᠷᠤᠰᠢᠨ᠎ᠠ᠃ |
Original Literature |
View Original Paper
|
出自 |
赤峰学院学报(蒙文哲学社会科学版)
2015年
第3期
|