Title |
ᠪᠠᠭᠠᠷᠢᠨ ᠤ ᠰᠡᠴᠡᠨ ᠡᠷᠬᠢᠮ ᠭᠦᠩᠵᠦ ᠶᠢᠨ ᠲᠤᠬᠠᠢ ᠦᠭᠦᠯᠡᠬᠦ ᠨᠢ |
Creator |
ᠪᠠᠢ ᠴᠦ᠋ ᠢ |
Keyword |
ᠰᠡᠴᠡᠨ ᠡᠷᠬᠢᠮ ᠭᠦᠩᠵᠦ; ᠪᠠᠭᠠᠷᠢᠨ ᠪᠠᠷᠠᠭᠤᠨ ᠬᠤᠰᠢᠭᠤ; ᠤᠷᠤᠭ ᠤᠨ ᠬᠠᠷᠢᠴᠠᠭ᠎ᠠ; ᠪᠤᠷᠬᠠᠨ ᠱᠠᠰᠢᠨ; ᠬᠩᠭᠢᠷᠠᠳ ᠠᠷᠪᠠᠨ ᠰᠤᠮᠤ |
Abstract |
ᠪᠠᠭᠠᠷᠢᠨ ᠤ ᠰᠡᠴᠡᠨ ᠡᠷᠬᠢᠮ ᠭᠦᠩᠵᠦ ᠶᠢᠨ ᠲᠤᠬᠠᠢ ᠰᠤᠳᠤᠯᠤᠯ ᠨᠢ ᠴᠢᠩ ᠤᠯᠤᠰ ᠤᠨ ᠦᠶ᠎ᠡ ᠶᠢᠨ ᠮᠠᠨᠵᠤ ᠮᠣᠩᠭᠤᠯ ᠤᠨ ᠤᠷᠤᠭ ᠤᠨ ᠬᠠᠷᠢᠴᠠᠭᠠᠨ ᠤ ᠰᠤᠳᠤᠯᠤᠯ᠂ ᠦᠨᠳᠦᠰᠦᠲᠡᠨ ᠦ ᠬᠠᠷᠢᠴᠠᠭᠠᠨ ᠤ ᠰᠤᠳᠤᠯᠤᠯ ᠪᠠ ᠳᠤᠲᠤᠷ ᠣᠷᠤᠨ ᠬᠢᠭᠡᠳ ᠮᠣᠩᠭᠤᠯ ᠣᠷᠤᠨ ᠤ ᠤᠯᠤᠰ ᠲᠦᠷᠦ᠂ ᠠᠵᠤ ᠠᠬᠤᠢ᠂ ᠰᠤᠶᠤᠯ ᠤᠨ ᠬᠠᠷᠢᠴᠠᠭ᠎ᠠ ᠵᠡᠷᠭᠡ ᠣᠯᠠᠨ ᠲᠠᠯ᠎ᠠ ᠶᠢᠨ ᠰᠤᠳᠤᠯᠤᠯ ᠲᠠᠢ ᠬᠤᠯᠪᠤᠭᠳᠠᠨ᠎ᠠ᠃ ᠮᠦᠨ ᠴᠦ ᠣᠳᠤᠬᠠᠨ ᠤ ᠤᠯᠠᠭᠠᠨᠬᠠᠳᠠ ᠣᠷᠤᠨ ᠤ ᠣᠷᠤᠨ ᠨᠤᠲᠤᠭ ᠤᠨ ᠲᠡᠦᠬᠡ ᠰᠤᠶᠤᠯ ᠤᠨ ᠰᠤᠳᠤᠯᠤᠯ ᠤᠨ ᠴᠢᠬᠤᠯᠠ ᠠᠭᠤᠯᠭ᠎ᠠ ᠪᠤᠯᠤᠨ᠎ᠠ᠃ ᠪᠠᠭᠠᠷᠢᠨ ᠤ ᠰᠡᠴᠡᠨ ᠡᠷᠬᠢᠮ ᠭᠦᠩᠵᠦ ᠶᠢᠨ ᠭᠡᠷ ᠦᠨ ᠭᠠᠷᠤᠯ᠂ ᠤᠷᠤᠭ ᠬᠤᠷᠢᠮ᠂ ᠮᠡᠨᠳᠦᠯᠡᠭᠰᠡᠨ ᠡᠳᠦᠷ ᠪᠡ ᠬᠠᠯᠢᠭᠰᠠᠨ ᠣᠨ ᠰᠠᠷ᠎ᠠ ᠶᠢᠨ ᠲᠤᠬᠠᠢ ᠡᠷᠳᠡᠮᠲᠡᠳ ᠦᠨ ᠦᠵᠡᠯᠲᠡ ᠨᠢᠭᠡᠲᠦᠯ ᠦᠭᠡᠢ ᠪᠠᠢᠭᠰᠠᠭᠠᠷ᠃ ᠰᠡᠴᠡᠨ ᠡᠷᠬᠢᠮ ᠭᠦᠩᠵᠦ ᠪᠠᠭᠠᠷᠢᠨ ᠨᠤᠲᠤᠭ ᠲᠤ᠂ ᠣᠨᠴᠠᠭᠠᠢᠯᠠᠨ ᠪᠤᠷᠬᠠᠨ ᠱᠠᠰᠢᠨ ᠢ ᠳᠡᠯᠭᠡᠷᠡᠭᠦᠯᠬᠦ ᠪᠡ ᠬᠤᠩᠭᠢᠷᠠᠳ ᠠᠷᠪᠠᠨ ᠰᠤᠮᠤ ᠶᠢᠨ ᠮᠣᠩᠭᠤᠯᠴᠤᠳ ᠢ ᠬᠠᠮᠠᠭᠠᠯᠠᠬᠤ ᠳᠤ ᠭᠠᠪᠢᠶ᠎ᠠ ᠵᠢᠳᠭᠦᠯ ᠦᠵᠡᠭᠦᠯᠦᠭᠰᠡᠨ ᠪᠠᠢᠨ᠎ᠠ᠃ |
Original Literature |
View Original Paper
|
出自 |
中国蒙古学
2015年
第4期
|