Abstract |
ᠦᠭᠦᠯᠡᠯ ᠳᠤ᠂ 《 ᠮᠤᠩᠭ᠋ᠤᠯ ᠤᠨ ᠨᠢᠭᠤᠴᠠ ᠲᠤᠪᠴᠢᠶᠠᠨ 》 ᠳᠤ ᠬᠢ ᠴᠡᠭᠡᠷ ᠦᠭᠡ ᠶᠢ ᠵᠠᠳᠠᠯᠤᠨ ᠲᠠᠢ᠌ᠯᠪᠤᠷᠢᠯᠠᠭᠰᠠᠨ ᠪᠠᠢ᠌ᠨ᠎ᠠ᠃ ᠨᠢᠭᠡ ᠳᠤ᠂ ᠴᠡᠭᠡᠷ ᠦᠭᠡ ᠶᠢᠨ ᠶᠤᠰᠤ ᠤᠴᠢᠷ ᠢ ᠲᠤᠳᠤᠷᠬᠠᠢ᠌ᠯᠠᠵᠠᠢ᠃ ᠬᠤᠶᠠᠷ ᠲᠤ᠂ 《ᠮᠤᠩᠭ᠋ᠤᠯ ᠤᠨ ᠨᠢᠭᠤᠴᠠ ᠲᠤᠪᠴᠢᠶᠠᠨ》 ᠳᠤ ᠭᠠᠷᠳᠠᠭ ᠴᠡᠭᠡᠷᠯᠡᠨ ᠬᠡᠷᠡᠭᠯᠡᠭᠰᠡᠨ ᠦᠭᠡᠰ ᠡᠴᠡ 《ᠪᠦᠯᠡᠬᠡᠨ ᠡᠴᠡ ᠪᠦᠯᠡᠳ᠂ ᠬᠠᠯᠠᠭᠤᠨ ᠡᠴᠡ ᠬᠠᠯᠠᠳ》᠂《ᠲᠡᠷᠢᠭᠦᠨ ᠳᠦᠷ ᠬᠦᠷᠬᠦ》᠂ 《ᠦᠳᠦᠯᠵᠦ ᠦᠨᠳᠦᠳ ᠲᠠ ᠭᠠᠷᠬᠤ᠂ ᠬᠠᠭᠤᠴᠢᠳᠴᠦ ᠬᠠᠯᠳᠤᠳ ᠲᠠ ᠭᠠᠷᠬᠤ》᠂ 《ᠨᠢᠳᠦᠨ ᠤ ᠡᠴᠢᠨ᠎ᠡ ᠭᠡᠭᠡᠬᠦ᠃᠂ 《ᠲᠡᠭᠷᠢ ᠳᠤ ᠭᠠᠷᠬᠤ》᠂ 《ᠵᠦᠪ ᠡᠰᠡ ᠪᠤᠯᠬᠤ》᠂ 《ᠪᠦᠳᠡᠭᠡᠬᠦ》᠂ 《ᠦᠭᠡᠢ ᠪᠤᠯᠬᠤ》᠂ 《ᠮᠠᠷᠢᠶ᠎ᠠ ᠬᠠᠯᠠᠭᠤᠨ ᠪᠤᠯᠬᠤ》 ᠵᠡᠷᠭᠡ ᠦᠭᠡ ᠶᠢ ᠰᠤᠩᠭ᠋ᠤᠨ ᠵᠠᠳᠠᠯᠤᠨ ᠲᠠᠢ᠌ᠯᠪᠤᠷᠢᠯᠠᠭᠰᠠᠨ ᠪᠠᠢ᠌ᠨ᠎ᠠ᠃ 《ᠪᠦᠯᠡᠭᠡᠨ ᠡᠴᠡ ᠪᠦᠯᠡᠳ᠂ ᠬᠠᠯᠠᠭᠤᠨ ᠡᠴᠡ ᠬᠠᠯᠠᠳ》 ᠭᠡᠳᠡᠭ ᠨᠢ 《ᠲᠦᠷᠦᠬᠦ》 ᠦᠢᠯᠡ ᠶᠢᠨ ᠴᠡᠭᠡᠷ ᠦᠭᠡ ᠪᠤᠯᠬᠤ ᠪᠦᠭᠡᠳ 《ᠪᠦᠯᠡᠬᠡᠨ᠂ ᠬᠠᠯᠠᠭᠤᠨ》ᠭᠡᠳᠡᠭ ᠨᠢ ᠡᠮ᠎ᠡ ᠪᠡᠯᠭᠡ ᠶᠢᠨ ᠡᠷᠬᠡᠳᠡᠨ ᠤ ᠴᠡᠭᠡᠷ ᠦᠭᠡ ᠮᠦᠨ ᠭᠡᠵᠦ ᠦᠵᠡᠵᠡᠢ᠃ |