Paper Information


Title ᠬᠠᠪᠤᠲᠤ ᠬᠠᠰᠠᠷ ᠤᠨ ᠰᠣᠳᠣᠯᠣᠯ ᠳ᠋ᠤ《ᠪᠤᠯᠤᠷ ᠲᠤᠯᠢ》 ᠶᠢᠨ ᠬᠤᠯᠪᠤᠭᠲᠠᠬᠤ ᠨᠢ
Creator ᠪᠤ‍•ᠰᠠᠢᠵᠢᠷᠠᠬᠤ; ᠪᠤ‍•ᠬᠠᠰ
Keyword ᠬᠠᠪᠤᠲᠤ ᠬᠠᠰᠠᠷ ;ᠰᠣᠳᠣᠯᠣᠯ;《ᠪᠤᠯᠤᠷ ᠲᠤᠯᠢ》
Abstract ᠮᠣᠩᠭᠤᠯ ᠲᠡᠦᠭᠡ ᠰᠣᠳᠣᠯᠣᠯ ᠤᠨ ᠬᠦᠷᠢᠶᠠᠨ ᠳ᠋ᠡᠬᠢ ᠬᠤᠪᠤᠲᠤ ᠬᠠᠰᠠᠷ ᠤᠨ ᠲᠣᠬᠠᠢ ᠰᠣᠳᠤᠯᠭᠠᠨ ᠤ ᠣᠳᠣᠬᠢ ᠪᠠᠢᠳᠠᠯ ᠢ ᠶᠡᠷᠦᠢᠩᠬᠡᠢ ᠳ᠋ᠤᠨᠢ ᠰᠢᠨᠵᠢᠵᠦ ᠦᠵᠡᠪᠡᠯ᠂ ᠨᠢᠭᠡ ᠳ᠋ᠤ᠂ ᠬᠠᠪᠤᠲᠤ ᠬᠠᠰᠠᠷ ᠤᠨ ᠲᠡᠦᠬᠡᠳᠦ ᠦᠢᠯᠡ ᠶᠠᠪᠤᠳᠠᠯ ᠤᠨ ᠰᠣᠳᠤᠯᠭᠠᠨ ᠢ ᠴᠢᠩᠬᠢᠰ ᠬᠠᠭᠠᠨ ᠤ ᠦᠢᠯᠡ ᠶᠠᠪᠤᠳᠠᠯ ᠤᠨ ᠰᠣᠳᠤᠯᠭᠠᠨ ᠳ᠋ᠤ ᠪᠠᠭᠲᠠᠭᠠᠵᠤ ᠲᠠᠭᠠᠤ ᠳ᠋ᠤᠨᠢ ᠰᠣᠳᠤᠯᠵᠤ ᠪᠤᠢ; ᠬᠤᠶᠠᠷ ᠲᠦ᠂ ᠬᠠᠪᠤᠲᠤ ᠬᠠᠰᠠᠷ ᠤᠨ ᠬᠤᠢᠴᠢᠰ ᠤᠨ ᠬᠢᠨᠢ ᠦᠶ ᠠ ᠤᠯᠠᠷᠢᠨ ᠶᠠᠪᠤᠭᠳᠠᠭᠤᠯᠤᠭᠰᠠᠭᠠᠷ ᠢᠷᠡᠭᠰᠡᠨ ᠬᠠᠪᠤᠲᠤ ᠬᠠᠰᠠᠷ ᠤᠨ ᠲᠠᠢᠯᠭ᠎ᠠ ᠶᠢᠨ ᠲᠣᠬᠠᠢ ᠪᠠ ᠲᠡᠭᠦᠨ ᠤ ᠦᠶᠠ ᠵᠠᠯᠭᠠᠮᠵᠢ ᠵᠢ ᠬᠡᠰᠡᠭ ᠪᠣᠰᠠᠭ ᠢᠢᠡᠷ ᠦᠩᠭᠡᠪᠴᠢ ᠲᠠᠯ ᠠ ᠡᠴᠡ ᠨᠢ ᠰᠢᠨᠵᠢᠨ ᠦᠭᠦᠯᠡᠵᠦ ᠪᠠᠢᠪᠠᠴᠤ ᠬᠠᠪᠤᠲᠤ ᠬᠠᠰᠠᠷ ᠤᠨ ᠲᠦᠷᠦᠯᠬᠢ ᠵᠠᠩ ᠴᠢᠨᠠᠷ᠂ ᠦᠵᠡᠯ ᠰᠠᠨᠠᠭ᠎ᠠ ᠵᠢ ᠨᠢ ᠰᠢᠰᠲ᠋ᠸᠮ ᠲᠠᠢ ᠪᠡᠷ ᠨᠢᠭᠲᠠᠯᠠᠨ ᠰᠣᠳᠤᠯᠵᠤ ᠪᠠᠢᠭ᠎ᠠ ᠪᠡᠷ ᠶᠡᠷᠦ ᠨᠢ ᠬᠦᠷᠦᠯᠴᠡᠬᠦ ᠦᠭᠡᠢ; ᠭᠤᠷᠪᠠ ᠳ᠋ᠤ᠂ ᠬᠠᠪᠤᠲᠤ ᠬᠠᠰᠠᠷ ᠤᠼᠨ ᠲᠣᠬᠠᠢ ᠪᠡᠳᠠᠳᠤ ᠲᠡᠦᠬᠡ ᠬᠢᠭᠡᠳ ᠲᠡᠦᠬᠡ ᠡᠴᠡ ᠡᠰᠢᠲᠠᠢ ᠲᠤᠮᠤᠭ ᠶᠠᠷᠢᠶ ᠠ᠂ ᠵᠠᠩ ᠦᠢᠯᠡ᠂ ᠠᠷᠬᠢᠯᠤᠬᠢ ᠵᠡᠷᠭᠡ ᠵᠢ ᠬᠠᠷᠢᠯᠴᠠᠨ ᠦᠢᠯᠡᠴᠢᠯᠡᠬᠦᠯᠦᠨ ᠪᠦᠬᠦ ᠲᠠᠯ ᠠ ᠪᠡᠷ ᠰᠣᠳᠤᠯᠵᠤ ᠪᠠᠢᠭ᠎ᠠ ᠪᠡᠷ ᠬᠦᠨᠵᠡᠭᠡᠢ ᠪᠣᠰᠤ; ᠲᠦᠷᠪᠡ ᠳ᠋ᠤ᠂ ᠬᠠᠪᠤᠲᠤ ᠬᠠᠰᠠᠷ ᠤᠨ ᠨᠢᠭᠡᠨ ᠨᠠᠰᠤᠨ ᠤ ᠪᠪᠦᠬᠦᠢᠯᠡ ᠲᠡᠦᠬᠡᠳᠦ ᠦᠢᠯᠡ ᠶᠠᠪᠤᠳᠠᠯ ᠢ ᠲᠠᠰᠤᠯᠲᠠᠭᠤᠯᠵᠤ ᠪᠠᠢᠭ᠎ ᠠ ᠮᠦᠷᠲᠡᠭᠡᠨ ᠬᠠᠪᠤᠲᠤ ᠬᠠᠰᠠᠷ ᠤᠨ ᠭᠡᠷᠡ ᠲᠦᠷᠦᠯ ᠬᠢᠭᠡᠳ ᠬᠤᠷᠢᠠᠨ᠂ ᠵᠠᠠᠯᠢᠳ᠂ ᠲᠦᠷᠪᠡᠨ ᠬᠡᠦᠬᠡᠳ᠂ ᠤᠷᠠᠳ᠂ ᠮᠤᠤᠮᠢᠩᠭᠠᠨ᠂ ᠭᠤᠷᠯᠤᠰ᠂ ᠲᠦᠷᠪᠡᠳ᠂ ᠬᠤᠱᠤᠳ ᠵᠡᠷᠭᠡ ᠠᠢᠮᠠᠭ ᠤᠳ ᠤᠨ ᠪᠦᠷᠢᠯᠳᠦᠴᠡ᠂ ᠲᠠᠷᠬᠠᠴᠠ᠂ ᠤᠯᠠᠷᠢᠯᠲᠠ ᠶᠢᠨ ᠲᠤᠳᠤᠭᠠᠲᠤ ᠬᠤᠯᠪᠤᠭ᠎ᠠ ᠭᠠᠳᠠᠭᠠᠲᠤ ᠬᠠᠷᠢᠴᠠᠭ᠎ᠠ ᠪᠠ ᠤᠷᠤᠨ ᠨᠤᠲᠤᠭ ᠤᠨ ᠲᠡᠦᠬᠡᠨ ᠰᠣᠶᠣᠯ ᠤᠨ ᠵᠠᠷᠢᠮ ᠲᠠᠯ ᠠ ᠶᠢᠨ ᠬᠠᠷᠢᠴᠠᠭ᠎ᠠ ᠬᠤᠯᠪᠤᠭ᠎ᠠ ᠵᠢ ᠤᠶᠠᠯᠳᠤᠭᠤᠯᠤᠨ ᠰᠣᠳᠤᠯᠵᠤ ᠪᠠᠢᠭ᠎ᠠ ᠪᠡᠷ ᠨᠡᠩ ᠴᠦ ᠬᠦᠢᠴᠡᠳ ᠦᠭᠡᠢ ᠶᠣᠮ᠃ ᠬᠤᠷᠢᠩᠭᠤᠢᠯᠠᠪᠠᠯ᠂ ᠬᠠᠪᠤᠲᠤ ᠬᠠᠰᠠᠷ ᠤᠨ ᠰᠣᠳᠣᠯᠣᠯ ᠨᠢ ᠮᠣᠩᠭᠤᠯ ᠲᠡᠦᠭᠡ ᠰᠣᠳᠤᠯᠭᠠᠲᠠᠳ ᠲᠦ ᠬᠦᠩᠬᠡᠪᠴᠢᠯᠠᠭᠳᠡᠭᠰᠡᠭᠡᠷ ᠯᠡ ᠪᠠᠢᠵᠤ ᠬᠠᠷᠠᠬᠠᠨ ᠪᠦᠬᠦ ᠲᠠᠯ ᠠ ᠪᠡᠷ ᠬᠦᠨᠵᠡᠭᠡᠢᠢᠷᠡᠨ ᠴᠢᠳᠠᠭᠠᠳᠤᠢ᠃
Original Literature No Original Paper
出自 蒙古学研究 1998年 第4期

联系我们


内蒙古大学图书馆
呼和浩特市大学西路235号
中国·内蒙古
P: (0471) 4992561
E: huangfeilong@imu.edu.cn