Paper Information


Title ᠪᠦᠷᠳᠡ ᠦᠵᠢᠨ ᠦ ᠭᠠᠪᠢᠶ᠎ᠠ ᠵᠢᠳᠭᠦᠯ ᠬᠢᠭᠡᠳ ᠲᠡᠭᠦᠨ ᠦ ᠦᠵᠡᠯ ᠰᠠᠨᠠᠭ᠎ᠠ ᠶᠢ ᠦᠭᠦᠯᠡᠬᠦ ᠨᠢ
Creator ᠵᠤᠤ ᠮᠧᠢ ᠯᠠᠨ
Keyword ᠪᠦᠷᠳᠡ ᠦᠵᠢᠨ; ᠭᠠᠪᠢᠶ᠎ᠠ ᠵᠢᠳᠭᠦᠯ; ᠦᠵᠡᠯ ᠰᠠᠨᠠᠭ᠎ᠠ
Abstract ᠪᠦᠷᠳᠡ ᠦᠵᠢᠨ ᠲᠡᠮᠦᠵᠢᠨ ᠢ ᠬᠠᠮᠤᠭ ᠤᠨ ᠬᠦᠴᠢᠷ ᠪᠡᠷᠬᠡ ᠲᠡᠢ ᠦᠶ᠎ᠡ ᠳᠦᠨᠢ ᠲᠡᠭᠦᠨ ᠯᠦᠭᠡ ᠭᠡᠷᠯᠡᠵᠦ᠂ 《ᠬᠠᠷ᠎ᠠ ᠪᠤᠯᠭᠠᠨ ᠳᠠᠬᠤ》 ᠪᠠᠷ ᠭᠡᠷᠡᠢᠳ ᠠᠢᠮᠠᠭ ᠯᠤᠭ᠎ᠠ ᠬᠤᠯᠪᠤᠭ᠎ᠠ ᠪᠠᠢᠭᠤᠯᠵᠤ᠂ ᠵᠠᠮᠤᠬ᠎ᠠ ᠶᠢᠨ ᠪᠢᠳᠡᠭᠦᠦ ᠰᠢᠯᠦᠭ ᠢ ᠲᠠᠢᠯᠪᠤᠷᠢᠯᠠᠨ᠂ ᠲᠡᠮᠦᠵᠢᠨ ᠳᠦ ᠦᠪᠡᠷ ᠦᠨ ᠴᠡᠷᠢᠭ ᠦᠨ ᠬᠦᠴᠦᠨ ᠢᠶᠡᠨ ᠪᠠᠢᠭᠤᠯᠤᠨ ᠲᠤᠰᠠᠭᠠᠷᠯᠠᠬᠤ ᠶᠢ ᠰᠠᠨᠠᠭᠤᠯᠵᠠᠢ᠃ ᠮᠣᠩᠭᠤᠯ ᠬᠠᠭᠠᠨᠲᠤ ᠲᠦᠷᠦ ᠪᠠᠢᠭᠤᠯᠤᠭᠳᠠᠭᠰᠠᠨ ᠤ ᠳᠠᠷᠠᠭ᠎ᠠ ᠲᠡᠷᠡ ᠪᠡᠷ ᠲᠡᠪ ᠲᠡᠭᠷᠢ ᠶᠢ ᠤᠰᠠᠳᠬᠠᠬᠤ ᠳᠤ ᠰᠢᠭᠤᠳ ᠣᠷᠤᠯᠴᠠᠵᠤ ᠲᠦᠷᠦ ᠶᠢᠨ ᠡᠷᠬᠡ ᠶᠢ ᠬᠠᠮᠠᠭᠠᠯᠠᠨ᠂ ᠠᠯᠲᠠᠨ ᠤᠷᠤᠭᠲᠠᠨ ᠤ ᠪᠠᠢᠷᠢ ᠰᠠᠭᠤᠷᠢ ᠶᠢ ᠪᠡᠬᠢᠵᠢᠭᠦᠯᠵᠦ᠂ ᠡᠶᠡᠳᠡᠯ ᠨᠢᠭᠡᠲᠦᠯ ᠦᠨ ᠦᠵᠡᠯᠲᠡ ᠪᠡᠷ ᠭᠡᠷ ᠪᠦᠯᠢ ᠶᠢᠨ ᠬᠡᠷᠡᠭ ᠢ ᠰᠢᠢᠳᠪᠦᠷᠢᠯᠡᠵᠦ ᠴᠢᠩᠭᠢᠰ ᠬᠠᠭᠠᠨ ᠤ ᠶᠡᠬᠡ ᠦᠢᠯᠡᠰ ᠢ ᠳᠠᠮᠵᠢᠨ ᠲᠤᠰᠠᠯᠠᠵᠤ ᠶᠠᠪᠤᠭᠰᠠᠨ ᠪᠢᠯᠡ᠃ ᠦᠭᠦᠯᠡᠯ ᠳᠦ᠂ ᠪᠦᠷᠳᠡ ᠦᠵᠢᠨ ᠦ ᠦᠢᠯᠡ ᠬᠡᠷᠡᠭ ᠢ ᠵᠠᠳᠠᠯᠤᠨ ᠦᠭᠦᠯᠡᠬᠦ ᠪᠡᠷ ᠳᠠᠮᠵᠢᠭᠤᠯᠵᠤ᠂ ᠲᠡᠭᠦᠨ ᠦ ᠲᠡᠦᠬᠡᠨ ᠭᠠᠪᠢᠶ᠎ᠠ ᠵᠢᠳᠭᠦᠯ ᠪᠡ ᠦᠵᠡᠯ ᠰᠠᠨᠠᠭ᠎ᠠ ᠶᠢ ᠰᠢᠨᠵᠢᠯᠡᠨ ᠦᠭᠦᠯᠡᠬᠦ ᠪᠡᠷ ᠵᠤᠷᠢᠵᠠᠢ᠃
Original Literature View Original Paper
出自 中国蒙古学 2015年 第4期

联系我们


内蒙古大学图书馆
呼和浩特市大学西路235号
中国·内蒙古
P: (0471) 4992561
E: huangfeilong@imu.edu.cn