Paper Information


Title ᠠᠩᠭ᠍ᠯᠢ ᠬᠡᠯᠡᠨ ᠤ ᠲᠤᠰᠬᠠᠢ ᠮᠡᠷᠭᠡᠵᠢᠯ ᠤᠨ ᠰᠤᠷᠤᠭᠴᠢᠳ ᠤᠨ ᠪᠠᠭᠰᠢ ᠶᠢᠨ ᠬᠡᠪ ᠴᠢᠨᠠᠷ ᠤᠨ ᠬᠦᠮᠦᠵᠢᠯ ᠤᠨ ᠲᠤᠬᠠᠢ
Creator ᠰᠠᠷᠠᠭᠤᠯ
Keyword ᠴᠦᠬᠡᠨ ᠲᠤᠭᠠᠳᠤ ᠦᠨᠳᠦᠰᠦᠳᠡᠨ; ᠪᠠᠭᠰᠢ ᠶᠢᠨ ᠲᠡᠭᠡᠳᠦ ᠰᠤᠷᠭᠠᠭᠤᠯᠢ; ᠠᠩᠭ᠍ᠯᠢ ᠬᠡᠯᠡᠨ ᠤ ᠲᠤᠰᠬᠠᠢ ᠮᠡᠷᠭᠡᠵᠢᠯ; ᠰᠢᠨ᠎ᠡ ᠬᠢᠴᠢᠶᠡᠯ ᠤᠨ ᠦᠭᠡᠷᠡᠴᠢᠯᠡᠯᠳᠡ; ᠪᠠᠭᠰᠢ ᠶᠢᠨ ᠬᠡᠪ ᠴᠢᠨᠠᠷ ᠤᠨ ᠬᠦᠮᠦᠵᠢᠯ
Abstract ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠤ ᠪᠠᠭᠰᠢ ᠶᠢᠨ ᠲᠡᠭᠡᠳᠦ ᠰᠤᠷᠭᠠᠭᠤᠯᠢ ᠶᠢᠨ ᠵᠤᠷᠢᠯᠳᠠ ᠪᠤᠯ ᠴᠦᠬᠡᠨ ᠲᠤᠭᠠᠳᠤ ᠦᠨᠳᠦᠰᠦᠳᠡᠨ ᠤ ᠲᠤᠮᠳᠠᠳᠤ ᠪᠠᠭ᠎ᠠ ᠰᠤᠷᠭᠠᠭᠤᠯᠢ ᠳᠤ ᠲᠡᠭᠡᠳᠦ ᠬᠡᠪ ᠴᠢᠨᠠᠷ ᠲᠠᠢ ᠬᠠᠮ ᠪᠦᠳᠦᠴᠡᠳᠦ ᠪᠠᠭᠰᠢ ᠶᠢ ᠬᠦᠮᠦᠵᠢᠭᠦᠯᠬᠦ ᠳᠤ ᠤᠷᠤᠰᠢᠨ᠎ᠠ᠃ ᠤᠳᠤᠬᠠᠨ ᠳᠤ ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠡᠬᠢ ᠪᠠᠭᠰᠢ ᠶᠢᠨ ᠲᠡᠭᠡᠳᠦ ᠰᠤᠷᠭᠠᠭᠤᠯᠢ ᠨᠢ ᠪᠠᠢ᠌ᠴᠠ ᠶᠢᠨ ᠪᠤᠢ᠌ᠳᠠ ᠪᠦᠭ᠍ᠯᠡᠭᠦᠦ᠂ ᠠᠵᠤ ᠠᠬᠤᠢ᠂ ᠰᠤᠷᠭᠠᠨ ᠬᠦᠮᠦᠵᠢᠯ ᠤᠨ ᠬᠤᠴᠤᠷᠤᠩᠭ᠋ᠤᠢ ᠵᠡᠷᠭᠡ ᠰᠢᠯᠳᠠᠭᠠᠨ ᠡᠴᠡ ᠪᠤᠯᠵᠤ ᠴᠢᠳᠠᠪᠤᠷᠢᠳᠠᠨ ᠢ ᠬᠦᠮᠦᠵᠢᠭᠦᠯᠬᠦ ᠬᠠᠷᠠᠯᠳᠠ᠂ ᠬᠢᠴᠢᠶᠡᠯ ᠤᠨ ᠲᠤᠬᠢᠷᠠᠭᠤᠯᠤᠯᠳᠠ᠂ ᠵᠢᠭᠠᠨ ᠰᠤᠷᠭᠠᠬᠤ ᠦᠢᠯᠡᠳᠦᠯᠭᠡ ᠵᠡᠷᠭᠡ ᠲᠠᠯ᠎ᠠ ᠪᠡᠷ ᠰᠢᠨ᠎ᠡ ᠬᠢᠴᠢᠶᠡᠯ ᠤᠨ ᠦᠭᠡᠷᠡᠴᠢᠯᠡᠯᠳᠡ ᠶᠢᠡᠨ ᠠᠩᠭ᠍ᠯᠢ ᠬᠡᠯᠡᠨ ᠤ ᠪᠠᠭᠰᠢ ᠳᠤ ᠲᠠᠯᠪᠢᠬᠤ ᠱᠠᠭᠠᠷᠳᠠᠯᠭ᠎ᠠ ᠳᠤ ᠬᠦᠷᠴᠦ ᠲᠡᠢ᠌ᠯᠬᠦ ᠦᠭᠡᠢ ᠪᠤᠢ᠃ ᠲᠤᠰ ᠦᠭᠦᠯᠡᠯ ᠳᠤ ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠡᠬᠢ ᠪᠠᠭᠰᠢ ᠶᠢᠨ ᠲᠡᠭᠡᠳᠦ ᠰᠤᠷᠭᠠᠭᠤᠯᠢ ᠶᠢᠨ ᠠᠩᠭ᠍ᠯᠢ ᠬᠡᠯᠡᠨ ᠤ ᠲᠤᠰᠬᠠᠢ ᠮᠡᠷᠭᠡᠵᠢᠯ ᠤᠨ ᠵᠢᠭᠠᠨ ᠰᠤᠷᠭᠠᠯᠳᠠ ᠶᠢᠨ ᠪᠠᠢ᠌ᠳᠠᠯ ᠳᠤ ᠪᠤᠳᠠᠳᠠᠢ ᠵᠠᠳᠠᠯᠤᠯᠳᠠ ᠬᠢᠵᠦ᠂ ᠴᠦᠬᠡᠨ ᠲᠤᠭᠠᠳᠤ ᠦᠨᠳᠦᠰᠦᠳᠡᠨ ᠤ ᠭᠠᠵᠠᠷ ᠤᠷᠤᠨ ᠳᠡᠬᠢ ᠪᠠᠭᠰᠢ ᠶᠢᠨ ᠲᠡᠭᠡᠳᠦ ᠰᠤᠷᠭᠠᠭᠤᠯᠢ ᠶᠢᠨ ᠠᠩᠭ᠍ᠯᠢ ᠬᠡᠯᠡᠨ ᠤ ᠲᠤᠰᠬᠠᠢ ᠮᠡᠷᠭᠡᠵᠢᠯ ᠤᠨ ᠲᠡᠭᠦᠰᠬᠦ ᠰᠤᠷᠤᠭᠴᠢ ᠶᠢᠨ ᠪᠠᠭᠰᠢ ᠶᠢᠨ ᠬᠡᠪ ᠴᠢᠨᠠᠷ ᠤᠨ ᠪᠦᠷᠢᠯᠳᠦᠯ ᠪᠠ ᠲᠡᠭᠦᠨ ᠢ ᠬᠡᠷᠬᠢᠨ ᠬᠦᠮᠦᠵᠢᠭᠦᠯᠬᠦ ᠲᠤᠬᠠᠢ ᠦᠭᠦᠯᠡᠵᠡᠢ᠃
Original Literature View Original Paper
出自 赤峰学院学报(蒙文哲学社会科学版) 2015年 第5期

联系我们


内蒙古大学图书馆
呼和浩特市大学西路235号
中国·内蒙古
P: (0471) 4992561
E: huangfeilong@imu.edu.cn