| Title |
ᠰᠦᠰᠦᠭᠳᠡᠨ ᠬᠢᠭᠡᠳ ᠦᠭᠯᠢᠭᠡ ᠶᠢᠨ ᠡᠵᠡᠨ ᠪᠠ ᠬᠤᠳᠤᠭᠳᠤ ᠯᠤᠭ᠎ᠠ ᠶᠢᠨ ᠱᠠᠰᠢᠨ ᠤ ᠪᠠᠷᠢᠯᠳᠤᠯᠭ᠎ᠠ-《ᠠᠨᠠᠭᠠᠬᠤ ᠤᠬᠠᠭᠠᠨ ᠤ ᠲᠦᠷᠪᠡᠨ ᠦᠨᠳᠤᠰᠤ》᠋ ᠶᠢᠨ ᠲᠤᠳᠤᠴᠢᠯᠠᠭᠠ ᠶᠢᠨ ᠰᠢᠯᠳᠠᠭᠠᠨ |
| Creator |
ᠮᠢᠩᠭ᠋ᠠᠳ• ᠡᠷᠳᠡᠮᠳᠤ |
| Keyword |
《ᠠᠨᠠᠭᠠᠬᠤ ᠤᠬᠠᠭᠠᠨ ᠤ ᠲᠦᠷᠪᠡᠨ ᠦᠨᠳᠤᠰᠤ》; ᠲᠤᠷᠠᠳᠬᠠᠭᠴᠢ; ᠲᠤᠳᠤᠴᠢᠯᠠᠭᠠ |
| Abstract |
《ᠠᠨᠠᠭᠠᠬᠤ ᠤᠬᠠᠭᠠᠨ ᠤ ᠲᠦᠷᠪᠡᠨ ᠦᠨᠳᠤᠰᠤ》᠋ ᠶᠢᠨ ᠲᠤᠳᠤᠳᠭᠠᠭᠴᠢ ᠪᠤᠯ ᠬᠤᠱᠤᠳ ᠨᠤᠶᠠᠨ ᠪᠠᠢ᠋ᠪᠠᠭᠠᠰ ᠬᠠᠨ ᠤ ᠬᠦᠪᠡᠬᠦᠨ ᠠᠪᠠᠯᠢ ᠪᠠᠭᠠᠳᠤᠷ ᠮᠦᠨ᠃ 《ᠠᠨᠠᠭᠠᠬᠤ ᠤᠬᠠᠭᠠᠨ ᠤ ᠲᠦᠷᠪᠡᠨ ᠦᠨᠳᠤᠰᠤ》᠋ ᠶᠢᠨ ᠨᠢᠭᠡᠳᠤᠭᠡᠷ ᠪᠡ ᠲᠦᠷᠪᠡᠳᠤᠭᠡᠷ ᠪᠤᠳᠢ ᠵᠢ ᠽᠠᠶ᠎ᠠ ᠪᠠᠨᠳᠢᠳᠠ ᠭᠠᠭᠴᠠᠭᠠᠷ ᠤᠷᠴᠢᠭᠤᠯᠤᠭᠰᠠᠨ ᠪᠠ ᠬᠤᠶᠠᠳᠤᠭᠠᠷ ᠪᠤᠳᠢ ᠵᠢ ᠽᠠᠢᠠ ᠪᠠᠨᠳᠢᠳᠠ ᠲᠡᠷᠢᠭᠦᠯᠡᠨ ᠤᠯᠠᠨ ᠬᠦᠮᠦᠰ ᠤᠨ ᠬᠠᠮᠵᠢᠨ ᠤᠷᠴᠢᠭᠤᠯᠤᠭᠰᠠᠨ ᠪᠠᠢ᠋ᠪᠠ᠃ 《ᠠᠨᠠᠭᠠᠬᠤ ᠤᠬᠠᠭᠠᠨ ᠤ ᠲᠦᠷᠪᠡᠨ ᠦᠨᠳᠤᠰᠤ》 ᠶᠢᠨ ᠲᠤᠳᠤᠴᠢᠯᠠᠭᠠ ᠶᠢᠨ ᠴᠠᠭ ᠲᠤᠳᠤᠷᠬᠠᠢ ᠦᠭᠡᠢ᠃ ᠬᠡᠪᠡᠴᠦ ᠲᠤᠳᠤ ᠦᠰᠦᠭ ᠢ 1648 ᠤᠨ ᠳᠤ ᠵᠤᠬᠢᠶᠠᠭᠰᠠᠨ ᠪᠡ ᠽᠠᠶ᠎ᠠ ᠪᠠᠨᠳᠢᠳᠠ 1662ᠤᠨ ᠳᠤ ᠲᠠᠭᠠᠯᠠᠯ ᠲᠡᠬᠦᠰᠤᠭ᠍ᠰᠡᠨ ᠪᠤᠯᠬᠤᠷ 1648-1662ᠤᠨ ᠤ ᠬᠤᠭᠤᠷᠤᠨᠳᠤ ᠤᠷᠴᠢᠭᠤᠯᠤᠭᠰᠠᠨ ᠪᠠᠢ᠋ᠬᠤ ᠶᠤᠰᠤᠳᠡᠢ᠃ ᠤᠢ᠋ᠷᠠᠳ ᠲᠤ ᠲᠤᠳᠤᠴᠢᠯᠠᠭᠰᠠᠨ 《ᠠᠨᠠᠭᠠᠬᠤ ᠤᠬᠠᠭᠠᠨ ᠤ ᠲᠦᠷᠪᠡᠨ ᠦᠨᠳᠤᠰᠤ》᠋ ᠢ ᠴᠦᠮ ᠠᠪᠠᠯᠢ ᠪᠠᠭᠠᠳᠤᠷ ᠲᠤᠷᠠᠳᠬᠠᠨ ᠽᠠᠢᠠ ᠪᠠᠨᠳᠢᠳᠠ ᠨᠡᠷ ᠤᠷᠴᠢᠭᠤᠯᠤᠭᠰᠠᠨ ᠪᠠᠢ᠋ᠳᠠᠭ᠃ |
| Original Literature |
View Original Paper
|
| 出自 |
中国蒙古学
2016年
第6期
|