Paper Information


Title ᠪᠡᠯᠭᠦᠳᠡᠢ ᠶᠢᠨ ᠬᠦᠮᠦᠨ ᠮᠦᠰᠦ ᠶᠢ ᠨᠦᠯᠦᠭᠡᠯᠡᠭᠰᠡᠨ ᠬᠤᠶᠠᠷ ᠬᠦᠮᠦᠨ — ᠰᠤᠴᠢᠭᠡᠯ ᠡᠬᠡ ᠪᠡ ᠪᠡᠭ᠍ᠳᠡᠷ
Creator ᠪᠤ‍᠂ ᠰᠠᠢ᠌ᠵᠢᠷᠠᠬᠤ
Keyword ᠪᠡᠯᠭᠦᠳᠡᠢ; ᠰᠤᠴᠢᠭᠡᠯ ᠡᠬᠡ; ᠦᠵᠡᠯ ᠰᠠᠨᠠᠭ᠎ᠠ
Abstract ᠪᠡᠯᠭᠦᠳᠡᠢ ᠶᠢᠨ ᠬᠦᠮᠦᠨ ᠪᠤᠯᠵᠤ ᠬᠦᠮᠦᠵᠢᠭᠳᠡᠬᠦ ᠳᠦ ᠪᠡ ᠲᠡᠮᠦᠵᠢᠨ ᠦ ᠠᠭᠳᠠᠴᠢᠨ ᠨᠤᠶᠠᠨ᠂ ᠮᠣᠩ᠋ᠭᠤᠯ ᠬᠠᠭᠠᠨᠲᠤ ᠲᠦᠷᠦ ᠶᠢᠨ ᠴᠢᠩᠰᠠᠩ ᠤᠨ ᠵᠡᠷᠭᠡ ᠵᠡᠭᠦᠬᠦ ᠳᠦ ᠴᠢᠬᠤᠯᠠ ᠦᠢᠯᠡᠳᠦᠯ ᠦᠵᠡᠭᠦᠯᠭᠰᠡᠨ ᠬᠤᠶᠠᠷ ᠪᠠᠢ᠌ᠳᠠᠭ᠄ ᠨᠢᠭᠡ ᠨᠢ ᠰᠤᠴᠢᠭᠡᠯ ᠡᠬᠡ᠂ ᠨᠦᠬᠦᠭᠡ ᠨᠢ ᠪᠡᠭ᠍ᠳᠡᠷ ᠪᠤᠯᠤᠨ᠎ᠠ᠃ ᠡᠭᠦᠨ ᠳᠦ ᠰᠤᠴᠢᠭᠡᠯ ᠡᠬᠡ ᠶᠢᠨ 《ᠪᠡᠶ᠎ᠡ ᠪᠡᠨ ᠬᠦᠨᠳᠦᠳᠭᠡᠬᠦ》ᠦᠵᠡᠯ ᠰᠠᠨᠠᠭ᠎ᠠ ᠪᠠ ᠪᠡᠭ᠍ᠳᠡᠷ ᠦᠨ 《ᠭᠤᠯᠤᠮᠲᠠ ᠵᠠᠯᠭᠠᠬᠤ》ᠦᠵᠡᠯ ᠰᠠᠨᠠᠭ᠎ᠠ ᠪᠤᠯ ᠪᠡᠯᠭᠦᠳᠡᠢ ᠶᠢᠨ ᠬᠠᠭᠠᠨ ᠲᠦᠷᠦ ᠳᠦ ᠪᠡᠨ ᠦᠨᠡᠨᠴᠢ ᠰᠢᠳᠤᠷᠭᠤ ᠪᠠᠢ᠌ᠬᠤ ᠦᠵᠡᠯ ᠰᠠᠨᠠᠭ᠎ᠠ ᠶᠢ ᠪᠦᠷᠢᠯᠳᠦᠭᠦᠯᠦᠭᠰᠡᠨ ᠴᠢᠬᠤᠯᠠ ᠨᠦᠬᠦᠴᠡᠯ ᠪᠤᠯᠤᠨ᠎ᠠ; ᠪᠡᠯᠭᠦᠳᠡᠢ ᠨᠤᠶᠠᠨ ᠡᠨᠡ ᠬᠤᠶᠠᠷ ᠬᠦᠮᠦᠨ ᠦ ᠦᠵᠡᠯ ᠰᠠᠨᠠᠭ᠎ᠠ ᠶᠢᠨ ᠰᠢᠭᠤᠳ ᠪᠤᠶᠤ ᠳᠠᠮ ᠤᠨ ᠨᠦᠯᠦᠭᠡ ᠪᠡᠷ ᠬᠦᠮᠦᠵᠢᠭᠳᠡᠭᠰᠡᠨ ᠶᠤᠮ᠃ ᠪᠡᠯᠭᠦᠳᠡᠢ ᠨᠤᠶᠠᠨ ᠪᠤᠯ ᠭᠡᠷ ᠦᠨ ᠰᠤᠷᠭᠠᠯ ᠴᠢᠩ᠋ᠭ᠎ᠠ᠂ ᠪᠡᠶ᠎ᠡ ᠪᠡᠨ ᠬᠦᠨᠳᠦᠳᠭᠡᠬᠦ ᠰᠡᠳᠬᠢᠯ ᠲᠡᠢ᠂ ᠭᠠᠯ ᠭᠤᠯᠤᠮᠲᠠ ᠪᠠᠨ ᠵᠠᠯᠭᠠᠨ ᠪᠠᠳᠠᠷᠠᠭᠠᠬᠤ ᠦᠵᠡᠯ ᠰᠠᠨᠠᠭ᠎ᠠ ᠲᠠᠢ᠂ ᠠᠵᠢᠯ ᠦᠢᠯᠡᠰ ᠦᠨ ᠲᠦᠯᠦᠭᠡ ᠴᠢᠷᠮᠠᠢ᠌ᠨ ᠵᠢᠳᠭᠦᠬᠦ ᠢᠲᠡᠭᠡᠯ ᠵᠤᠷᠢᠭ ᠲᠠᠢ᠂ ᠪᠡᠶ᠎ᠡ ᠶᠢᠨ ᠬᠦᠴᠦ ᠪᠤᠯᠤᠨ ᠤᠶᠤᠨ ᠤ ᠬᠦᠴᠦᠨ ᠢ ᠬᠤᠤᠰᠯᠠᠭᠤᠯᠤᠭᠰᠠᠨ ᠪᠠᠭᠠᠲᠤᠷ ᠬᠦᠮᠦᠨ ᠪᠤᠯᠬᠤ ᠶᠤᠮ᠃ ᠲᠤᠰ ᠦᠭᠦᠯᠡᠯ ᠳᠦ ᠡᠳᠡᠭᠡᠷ ᠲᠡᠦᠬᠡ ᠶᠢᠨ ᠬᠠᠷᠢᠴᠠᠭ᠎ᠠ ᠬᠤᠯᠪᠤᠭ᠎ᠠ ᠪᠠ ᠤᠴᠢᠷ ᠰᠢᠯᠲᠠᠭᠠᠨ ᠢ ᠦᠭᠦᠯᠡᠭᠰᠡᠨ ᠪᠠᠢ᠌ᠨ᠎ᠠ᠃
Original Literature View Original Paper
出自 蒙古学研究 2011年 第4期

联系我们


内蒙古大学图书馆
呼和浩特市大学西路235号
中国·内蒙古
P: (0471) 4992561
E: huangfeilong@imu.edu.cn