Paper Information


Title ᠤᠶᠤᠲᠠᠳ ᠤᠨ ᠳᠤᠲᠤᠷᠠᠬᠢ ᠠᠳᠠᠯᠢ ᠪᠤᠰᠤ ᠪᠡᠶ᠎ᠡ ᠶᠢᠨ ᠦᠪᠡᠷᠮᠢᠴᠡ ᠴᠢᠨᠠᠷ ᠤᠨ ᠲᠠᠷᠬᠠᠯᠲᠠ ᠶᠢᠨ ᠪᠠᠢᠳᠠᠯ ᠪᠠ BMI ᠶᠢᠨ ᠬᠤᠭᠤᠷᠤᠨᠳᠤᠬᠢ ᠬᠠᠷᠢᠴᠠᠭ᠎ᠠ
Creator ᠰᠠᠢᠬᠠᠨᠴᠡᠴᠡᠭ; ᠡᠦ ᠹᠦ᠋ ᠶᠢᠩ
Keyword ᠦᠪᠡᠷᠮᠢᠴᠡ ᠴᠢᠨᠠᠷ; ᠢᠯᠭᠠᠨ ᠲᠤᠭᠲᠠᠭᠠᠬᠤ ᠠᠷᠭ᠎ᠠ; ᠤᠶᠤᠲᠠᠳ; ᠪᠠᠢᠴᠠᠭᠠᠨ ᠰᠢᠨᠵᠢᠯᠡᠭᠡ
Abstract ᠤᠶᠤᠲᠠᠳ ᠤᠨ ᠳᠤᠲᠤᠷᠠᠬᠢ ᠠᠳᠠᠯᠢ ᠪᠤᠰᠤ ᠡᠶ᠎ᠡ ᠶᠢᠨ ᠦᠪᠡᠷᠮᠢᠴᠡ ᠴᠢᠨᠠᠷ ᠤᠨ ᠲᠠᠷᠬᠠᠯᠲᠠ ᠶᠢᠨ ᠪᠠᠢᠳᠠᠯ ᠪᠠ ᠪᠡᠶ ᠡ ᠮᠠᠬᠠᠪᠤᠳ ᠤᠨ ᠣᠨᠴᠠᠯᠢᠭ ᠢ ᠨᠢ ᠣᠢᠯᠠᠭᠠᠬᠤ ᠶᠢᠨ ᠲᠤᠰᠠ ᠳᠤ᠂ ᠦᠪᠡᠷᠮᠢᠴᠡ ᠴᠢᠨᠠᠷ ᠢ ᠢᠯᠭᠠᠨ ᠲᠤᠭᠲᠠᠭᠠᠬᠤ ᠠᠷᠭ᠎ᠠ ᠶᠢ ᠬᠡᠷᠡᠭᠯᠡᠨ 715 ᠨᠡᠷᠡᠰ ᠤᠶᠤᠲᠠᠳ ᠤᠨ ᠦᠪᠡᠷᠮᠢᠴᠡ ᠴᠢᠨᠠᠷ ᠢ ᠢᠯᠭᠠᠨ ᠲᠤᠭᠲᠠᠭᠠᠪᠠ᠃ ᠡᠭᠦᠨ ᠳᠦ ᠪᠠᠳᠭᠠᠨ ᠬᠡᠢ ᠶᠢᠨ ᠦᠪᠡᠷᠮᠢᠴᠡ ᠴᠢᠨᠠᠷᠲᠠᠨ ᠨᠢ ᠬᠠᠮᠤᠭ ᠠᠴᠠ ᠣᠯᠠᠨ᠂ ᠨᠡᠢᠲᠡ 305 ᠨᠡᠷᠡᠰ ᠪᠠᠢᠵᠤ᠂ ᠳᠠᠷᠠᠭᠠᠯᠠᠪᠠᠯ ᠬᠤᠷᠠᠮᠠᠯ ᠦᠪᠡᠷᠮᠢᠴᠡ ᠴᠢᠨᠠᠷᠲᠠᠨ ᠨᠢ 137 ᠨᠡᠷᠡᠰ ᠪᠤᠢ᠃ ᠡᠭᠦᠨ ᠦ ᠬᠠᠮᠲᠤ ᠦᠪᠡᠷᠮᠢᠴᠡ ᠴᠢᠨᠠᠷ ᠪᠠ BMI ᠶᠢᠨ ᠬᠤᠯᠪᠤᠭᠳᠠᠯ ᠢ ᠰᠤᠳᠤᠯᠤᠭᠰᠠᠨ ᠳᠤ᠂ ᠬᠤᠷᠠᠮᠠᠯ ᠦᠪᠡᠷᠮᠢᠴᠡ ᠴᠢᠨᠠᠷᠲᠠᠨ ᠪᠠ ᠬᠡᠢ ᠰᠢᠷ᠎ᠠ ᠶᠢᠨ ᠦᠪᠡᠷᠮᠢᠴᠡ ᠴᠢᠨᠠᠷᠲᠠᠨ ᠤ ᠬᠤᠭᠤᠷᠤᠨᠳᠤ ᠢᠯᠡᠳᠲᠡ ᠵᠦᠷᠢᠶ᠎ᠡ ᠦᠭᠡᠢ (P>0.05); ᠬᠤᠷᠠᠮᠠᠯ ᠦᠪᠡᠷᠮᠢᠴᠡ ᠴᠢᠨᠠᠷᠲᠠᠨ ᠪᠠ ᠪᠠᠳᠭᠠᠨ ᠬᠡᠢ᠂ ᠪᠠᠳᠭᠠᠨ ᠰᠢᠷ᠎ᠠ ᠶᠢᠨ ᠦᠪᠡᠷᠮᠢᠴᠡ ᠴᠢᠨᠠᠷᠲᠠᠨ ᠤ ᠬᠤᠭᠤᠷᠤᠨᠳᠤ ᠪᠠᠨ ᠢᠯᠡᠳᠲᠡ ᠵᠦᠷᠢᠶ᠎ᠡ ᠲᠡᠢ (P<0.05)᠃ BMI ᠬᠡᠮᠵᠢᠭᠳᠡᠯ ᠨᠢ ᠪᠠᠳᠭᠠᠨ ᠬᠡᠢ᠂ ᠪᠠᠳᠭᠠᠨ ᠰᠢᠷ᠎ᠠ ᠶᠢᠨ ᠦᠪᠡᠷᠮᠢᠴᠡ ᠴᠢᠨᠠᠷᠲᠠᠨ ᠲᠠᠢ ᠬᠤᠯᠪᠤᠭ᠎ᠠ ᠲᠠᠢ ᠭᠡᠰᠡᠨ ᠢ ᠬᠠᠷᠢᠭᠤᠯᠵᠤ ᠪᠤᠢ᠃
Original Literature No Original Paper
出自 内蒙古民族大学学报(蒙医药学) 2015年 第2期

联系我们


内蒙古大学图书馆
呼和浩特市大学西路235号
中国·内蒙古
P: (0471) 4992561
E: huangfeilong@imu.edu.cn