Title |
ᠰ᠂ ᠪᠤᠶᠠᠨᠨᠡᠮᠡᠬᠦ ᠶᠢᠨ ᠦᠭᠦᠯᠡᠯᠲᠦ ᠵᠤᠬᠢᠶᠠᠯ ᠤᠨ ᠲᠤᠭᠤᠷᠪᠢᠯ ᠵᠦᠢ ᠳᠡᠬᠢ ᠠᠮᠠᠨ ᠦᠯᠢᠭᠡᠷ ᠦᠨ ᠨᠦᠯᠦᠭᠡ |
Creator |
〔ᠮᠤᠨᠭᠭᠤᠯ〕 ᠬ᠂ ᠨᠠᠨᠳᠢᠨᠪᠢᠯᠢᠭ᠌ |
Keyword |
ᠰ᠂ ᠪᠤᠶᠠᠨᠨᠡᠮᠡᠬᠦ; ᠦᠭᠦᠯᠡᠯᠲᠦ ᠵᠤᠬᠢᠶᠠᠯ; ᠲᠤᠭᠤᠷᠪᠢᠯ ᠵᠦᠢ; ᠠᠮᠠᠨ ᠦᠯᠢᠭᠡᠷ ᠦᠨ ᠨᠦᠯᠦᠭᠡ |
Abstract |
ᠮᠤᠨᠭᠭᠤᠯ ᠤᠨ ᠰᠢᠨ᠎ᠡ ᠴᠠᠭ ᠦᠶ᠎ᠡ ᠶᠢᠨ ᠪᠢᠴᠢᠭ᠌ ᠦᠨ ᠤᠳᠬᠠᠴᠢ ᠰ᠂ ᠪᠤᠶᠠᠨᠨᠡᠮᠡᠬᠦ ᠶᠢᠨ ᠪᠦᠲᠦᠭᠡᠯ ᠲᠤᠭᠤᠷᠪᠢᠯ ᠳᠠᠬᠢ ᠮᠤᠨᠭᠭᠤᠯ ᠠᠮᠠᠨ ᠵᠤᠬᠢᠶᠠᠯ ᠤᠨ ᠨᠦᠯᠦᠭᠡ ᠶᠢ ᠲᠡᠭᠦᠨ ᠦ ᠦᠭᠦᠯᠡᠯᠲᠦ ᠵᠤᠬᠢᠶᠠᠯ ᠳᠠᠬᠢ ᠠᠮᠠᠨ ᠦᠯᠢᠭᠡᠷ ᠦᠨ ᠨᠦᠯᠦᠭᠡ᠂ ᠰᠢᠯᠦᠭᠯᠡᠯᠲᠦ ᠵᠤᠬᠢᠶᠠᠯ ᠳᠠᠬᠢ ᠴᠤᠯᠠ ᠮᠠᠭᠲᠠᠭᠠᠯ ᠤᠨ ᠨᠦᠯᠦᠭᠡ᠂ ᠳᠦᠷᠢ ᠳᠦᠷᠰᠦᠯᠡᠯ ᠳᠡᠬᠢ ᠠᠷᠠᠳ ᠤᠨ ᠰᠢᠲᠦᠯᠭᠡ ᠶᠢᠨ ᠨᠦᠯᠦᠭᠡ ᠭᠡᠳᠡᠭ ᠦᠨ ᠳᠤᠲᠤᠷ᠎ᠠ ᠠᠴᠠ ᠲᠡᠭᠦᠨ ᠦ ᠦᠭᠦᠯᠡᠯᠲᠦ ᠵᠤᠬᠢᠶᠠᠯ ᠤᠨ ᠲᠤᠭᠤᠷᠪᠢᠯ ᠵᠦᠢ ᠳᠡᠬᠢ ᠠᠮᠠᠨ ᠦᠯᠢᠭᠡᠷ ᠦᠨ ᠨᠦᠯᠦᠭᠡ ᠤᠯᠠᠮᠵᠢᠯᠠᠯ ᠢ ᠲᠤᠪᠴᠢ ᠲᠠᠨᠢᠯᠴᠠᠭᠤᠯᠵᠤ ᠪᠠᠶᠢᠨ᠎ᠠ᠃ ᠴᠢᠩᠭᠢᠬᠦ ᠳᠡᠭᠡᠨ ᠡᠨᠡ ᠤᠳᠠᠭ᠎ᠠ ᠳᠤ ᠤᠨᠤᠯ ᠠᠷᠭ᠎ᠠ ᠵᠦᠢ ᠶᠢᠨ ᠬᠤᠪᠢ ᠳᠤ ᠲᠤᠳᠤᠷᠬᠠᠢ ᠪᠦᠲᠦᠭᠡᠯ ᠦᠨ ᠳᠠᠬᠢᠨ ᠳᠠᠪᠳᠠᠭᠳᠠᠰᠢ ᠦᠭᠡᠢ ᠤᠳᠬ᠎ᠠ ᠰᠠᠨᠠᠭ᠎ᠠ᠂ ᠤᠷᠠᠨ ᠰᠠᠶᠢᠬᠠᠨ ᠤ ᠤᠨᠴᠠᠯᠢᠭ ᠢ ᠲᠤᠳᠤᠷᠠᠭᠤᠯᠤᠨ ᠭᠠᠷᠭᠠᠬᠤ ᠶᠢ ᠡᠷᠡᠮᠡᠯᠵᠡᠳᠡᠭ ᠲᠠᠶᠢᠯᠪᠤᠷᠢᠯᠠᠬᠤ ᠠᠷᠭ᠎ᠠ ᠠᠴᠠ ᠲᠦᠷ ᠲᠠᠲᠠᠭᠠᠯᠵᠠᠵᠤ᠂ ᠰ᠂ ᠪᠤᠶᠠᠨᠨᠡᠮᠡᠬᠦ ᠶᠢᠨ ᠦᠭᠦᠯᠡᠯᠲᠦ ᠵᠤᠬᠢᠶᠠᠯ ᠤᠨ ᠲᠤᠭᠤᠷᠪᠢᠯ ᠵᠦᠢ ᠳᠦ ᠪᠦᠲᠦᠴᠡ ᠶᠢᠨ ᠵᠠᠳᠠᠯᠤᠯᠲᠠ ᠬᠢᠵᠦ᠂ ᠲᠡᠭᠦᠨ ᠦ ᠦᠯᠢᠭᠡᠷ ᠦᠭᠦᠯᠡᠯᠭᠡ ᠶᠢᠨ ᠡᠬᠡ ᠪᠢᠴᠢᠪᠦᠷᠢ ᠶᠢ ᠡᠭᠦᠰᠭᠡᠨ ᠪᠦᠲᠦᠭᠡᠵᠦ ᠪᠤᠢ ᠲᠦᠭᠡᠮᠡᠯ ᠵᠦᠢ ᠲᠤᠭᠲᠠᠯ ᠢ ᠲᠠᠨᠢᠨ ᠮᠡᠳᠡᠬᠦ ᠪᠤᠯᠤᠮᠵᠢ ᠶᠢ ᠬᠠᠶᠢᠬᠤ ᠶᠢᠨ ᠬᠠᠮᠲᠤ ᠲᠡᠭᠦᠨ ᠦ ᠦᠭᠦᠯᠡᠯᠲᠦ ᠵᠤᠬᠢᠶᠠᠯ ᠢ ᠬᠦᠯᠢᠶᠡᠨ ᠠᠪᠬᠤᠢ ᠶᠢᠨ ᠤᠨᠤᠯ ᠤᠨ ᠡᠭᠦᠳᠡᠨ ᠡᠴᠡ ᠠᠵᠢᠭᠯᠠᠬᠤ ᠶᠢ ᠵᠤᠷᠢᠭᠰᠠᠨ ᠶᠤᠮ᠃ |
Original Literature |
View Original Paper
|
出自 |
中国蒙古学
2010年
第6期
|